ᠨᠢᠷᠠᠶ ᠬᠡᠤᠬᠡᠳ ᠶᠠᠭᠠᠬᠢᠭᠠᠳ ᠠᠮᠠᠷᠬᠠᠨ ᠪᠥᠭᠡᠯᠵᠢᠳᠡᠭ ᠪᠣᠶ︖
ᠨᠡᠶᠢᠲᠡᠯᠡᠭᠰᠡᠨ ᠴᠠᠭ᠄
2024/9/23
     ᠪᠥᠭᠡᠯᠵᠢᠬᠦ ᠪᠣᠯ ᠨᠢᠷᠠᠶ ᠬᠡᠤᠬᠡᠳ ᠤᠨ ᠦᠷᠭᠦᠯᠵᠢ ᠲᠣᠬᠢᠶᠠᠯᠳᠤᠳᠠᠭ ᠨᠢᠭᠡ ᠵᠦᠢᠯ ᠤᠨ ᠢᠯᠡᠷᠡᠯ ᠮᠥᠨ᠃ ᠨᠢᠷᠠᠶ ᠬᠡᠤᠬᠡᠳ ᠤᠨ ᠬᠤᠳᠣᠭᠤᠳᠣ ᠶᠢᠨ ᠹᠢᠽᠢᠣᠯᠣᠭᠢ ᠶᠢᠨ ᠣᠨᠴᠠᠯᠢᠭ ᠠᠴᠠ ᠪᠣᠯᠵᠤ ᠠᠮᠠᠷᠬᠠᠨ ᠪᠥᠭᠡᠯᠵᠢᠳᠡᠭ᠃ ᠨᠢᠷᠠᠶ ᠬᠡᠤᠬᠡᠳ ᠤᠨ ᠬᠤᠳᠣᠭᠤᠳᠣ ᠨᠢ ᠬᠡᠲᠦᠷᠬᠡᠶ ᠠᠷᠪᠢᠨ ᠪᠠᠶᠢᠵᠤ ᠢᠳᠡᠭᠡᠨ ᠪᠠᠭᠲᠠᠬᠤ ᠦᠭᠡᠢ᠄ ᠬᠤᠳᠣᠭᠤᠳᠣᠨ ᠠᠮᠠᠰᠠᠷ ᠨᠢ ᠬᠤᠳᠣᠭᠤᠳᠣᠨ ᠳᠣᠲᠣᠷᠠᠬᠢ ᠪᠣᠳᠠᠰ ᠲᠤ ᠲᠦᠯᠬᠢᠭᠳᠡᠨ ᠨᠡᠭᠡᠭᠡᠭᠳᠡᠵᠦ᠂ ᠬᠤᠳᠣᠭᠤᠳᠣᠨ ᠳᠣᠲᠣᠷᠠᠬᠢ ᠪᠣᠳᠠᠰ ᠨᠢ ᠤᠯᠠᠭᠠᠨ ᠬᠤᠭᠤᠯᠠᠶ ᠳᠤ ᠤᠷᠤᠰᠤᠨ ᠣᠷᠣᠨ᠎ᠠ᠄ ᠬᠤᠳᠣᠭᠤᠳᠣᠨ ᠮᠤᠬᠤᠷ ᠤᠨ ᠪᠤᠯᠴᠢᠩ ᠨᠢ ᠬᠥᠭᠵᠢᠵᠦ᠂ ᠬᠤᠳᠣᠭᠤᠳᠣᠨ ᠳᠣᠲᠣᠷᠠᠬᠢ ᠪᠣᠳᠠᠰ ᠤᠨ ᠰᠡᠳᠦᠯᠲᠡ ᠶᠢ ᠣᠯᠬᠤ ᠦᠶ᠎ᠡ ᠳᠤ ᠠᠮᠠᠷᠬᠠᠨ ᠠᠪᠴᠢᠨ ᠢᠳᠡᠭᠡᠨ ᠨᠢ ᠭᠡᠳᠡᠷᠭᠦ ᠤᠷᠤᠰᠤᠨ᠎ᠠ᠃ ᠳᠡᠭᠡᠷᠡᠬᠢ ᠮᠡᠲᠦ ᠰᠢᠯᠲᠠᠭᠠᠨ ᠠᠴᠠ ᠪᠣᠯᠵᠤ᠂ ᠨᠢᠷᠠᠶ ᠬᠡᠤᠬᠡᠳ ᠬᠡᠲᠦᠷᠬᠡᠶ ᠲᠦᠷᠭᠡᠨ ᠰᠣᠷᠣᠬᠤ  ᠳᠤ ᠠᠭᠠᠷ ᠣᠷᠣᠵᠣ ᠣᠷᠣᠭᠤᠯᠬᠤ ᠳᠤ ᠠᠮᠠᠷᠬᠠᠨ ᠪᠥᠭᠡᠯᠵᠢᠳᠡᠭ᠃ ᠬᠡᠷᠪᠡ ᠬᠥᠬᠦᠭᠦᠯᠦᠭᠰᠡᠨ ᠤ ᠳᠠᠷᠠᠭ᠎ᠠ ᠬᠡᠤᠬᠡᠳ ᠢᠶᠠᠨ ᠬᠥᠩᠭᠡᠬᠡᠨ ᠪᠣᠰᠬᠠᠵᠤ ᠮᠦᠷᠦᠨ ᠳᠤ ᠪᠠᠨ ᠨᠠᠭᠠᠵᠣ ᠨᠢᠷᠣᠭᠤ ᠶᠢ ᠨᠢ ᠬᠦᠩᠭᠡᠨ ᠲᠠᠪᠰᠢᠵᠣ ᠬᠡᠬᠡᠷᠡᠭᠦᠯᠪᠡᠯ ᠪᠦᠭᠡᠯᠵᠢᠬᠦ ᠠᠴᠠ ᠵᠠᠶᠢᠯᠠᠰᠬᠢᠵᠦ ᠴᠢᠳᠠᠨ᠎ᠠ᠃ ᠬᠡᠤᠬᠡᠳ ᠤᠨ ᠪᠥᠭᠡᠯᠵᠢᠬᠦ ᠨᠥᠭᠦᠭᠡ ᠨᠢᠭᠡ ᠰᠢᠯᠲᠠᠭᠠᠨ ᠨᠢ ᠬᠦᠬᠦᠭᠦᠯᠬᠦ ᠨᠢ ᠵᠣᠬᠢᠰ ᠦᠭᠡᠢ ᠠᠴᠠ ᠪᠣᠯᠳᠠᠭ᠃ ᠵᠢᠱᠢᠶᠡᠯᠡᠪᠡᠯ᠄ ᠬᠡᠲᠦᠷᠬᠡᠶ ᠠᠷᠪᠢᠨ ᠢᠳᠡᠭᠰᠡᠨ ᠠᠴᠠ ᠬᠤᠳᠣᠭᠤᠳᠣᠨ ᠪᠠᠭᠲᠠᠭᠠᠮᠵᠢ ᠠᠴᠠ ᠬᠡᠲᠦᠷᠡᠪᠡ᠄ ᠬᠡᠲᠦᠷᠬᠡᠶ ᠲᠦᠷᠭᠡᠨ ᠢᠳᠡᠬᠦ︔ ᠰᠦᠨ ᠤ ᠬᠠᠯᠠᠭᠤᠨ ᠤ ᠬᠡᠮᠵᠢᠶ᠎ᠡ ᠡᠪ ᠦᠭᠡᠢ ︵ᠬᠡᠲᠦᠷᠬᠡᠶ ᠬᠦᠢᠲᠡᠨ ᠪᠤᠶᠤ ᠬᠡᠲᠦᠷᠬᠡᠶ ᠬᠠᠯᠠᠭᠤᠨ︶᠂ ᠬᠤᠳᠣᠭᠤᠳᠣᠨ ᠤ ᠭᠦᠷᠪᠡᠯᠵᠡᠬᠦ ᠬᠥᠳᠡᠯᠭᠡᠭᠡᠨ ᠢ ᠨᠡᠮᠡᠭᠳᠡᠭᠦᠯᠵᠦ᠂ ᠪᠥᠭᠡᠯᠵᠢᠬᠦ ᠳᠤ ᠬᠦᠷᠦᠭᠦᠯᠳᠡᠭ᠃ ᠡᠶᠢᠮᠦᠷᠬᠦᠤ ᠪᠥᠭᠡᠯᠵᠢᠬᠦ ᠨᠢ ᠶᠡᠷᠦ ᠳᠡᠭᠡᠨ ᠭᠡᠨᠡᠳᠲᠡ ᠡᠭᠦᠰᠴᠦ᠂ ᠪᠥᠭᠡᠯᠵᠢᠬᠦ ᠬᠡᠮᠵᠢᠶ᠎ᠡ ᠨᠢ ᠨᠡᠯᠢᠶᠡᠳ ᠶᠡᠭᠡ ᠪᠠᠶᠢᠳᠠᠭ᠃ ᠡᠶᠢᠮᠦ ᠠᠴᠠ ᠬᠦᠬᠦᠭᠦᠯᠬᠦ ᠠᠷᠭ᠎ᠠ ᠶᠢ ᠠᠩᠬᠠᠷᠤᠨ ᠵᠠᠯᠠᠷᠠᠭᠤᠯᠬᠤ ᠬᠡᠷᠡᠭᠲᠡᠶ᠃ ᠡᠭᠦᠨ ᠠᠴᠠ ᠭᠠᠳᠠᠨ᠎ᠠ᠂ ᠵᠠᠷᠢᠮ ᠰᠢᠩᠭᠡᠭᠡᠯᠲᠡ ᠶᠢᠨ ᠵᠠᠮ ᠤᠨ ᠡᠪᠡᠳᠴᠢᠨ ᠠᠴᠠ ᠪᠣᠯᠵᠣ ᠪᠠᠰᠠ ᠪᠥᠭᠡᠯᠵᠢᠳᠡᠭ᠂ ᠵᠢᠱᠢᠶᠡᠯᠡᠪᠡᠯ᠄ ᠲᠥᠷᠥᠯᠬᠢ ᠶᠢᠨ ᠤᠯᠠᠭᠠᠨ ᠬᠤᠭᠤᠯᠠᠶ ᠪᠢᠲᠡᠭᠦᠷᠡᠬᠦ᠂ ᠬᠤᠳᠣᠭᠤᠳᠣ ᠮᠤᠰᠬᠢᠷᠠᠬᠤ᠂ ᠲᠥᠷᠥᠯᠬᠢ ᠶᠢᠨ ᠬᠤᠳᠣᠭᠤᠳᠣᠨ ᠠᠮᠠᠰᠠᠷ ᠨᠠᠷᠢᠰᠬᠤ᠂ ᠲᠥᠷᠥᠯᠬᠢ ᠶᠢᠨ ᠴᠢᠨᠠᠷᠲᠠᠶ ᠭᠡᠳᠡᠰᠦ ᠪᠢᠲᠡᠭᠦᠷᠡᠬᠦ ᠵᠡᠷᠭᠡ᠂ ᠭᠡᠪᠡᠴᠦ ᠡᠶᠢᠮᠦ ᠲᠦᠷᠦᠯ ᠨᠢ ᠴᠦᠬᠡᠨ ᠲᠣᠬᠢᠶᠠᠯᠳᠣᠳᠠᠭ᠃
 
ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号