ᠰᠡᠷᠪᠡᠭᠡ ᠨᠢ ᠴᠢᠬᠤᠯᠠ ᠤᠤ︖
ᠨᠡᠶᠢᠲᠡᠯᠡᠭᠰᠡᠨ ᠴᠠᠭ᠄
2024/9/23
    ᠰᠡᠷᠪᠡᠭᠡ ᠪᠣᠯ ᠨᠢᠯᠬ᠎ᠠ ᠬᠡᠤᠬᠡᠳ ᠤᠨ ᠪᠠᠶᠢᠩᠭᠤ ᠲᠣᠬᠢᠶᠠᠯᠳᠤᠳᠠᠭ ᠦᠵᠡᠭᠳᠡᠯ ᠮᠥᠨ᠂ ᠵᠠᠷᠢᠮ ᠬᠡᠤᠬᠡᠳ ᠤᠨ ᠬᠦᠶ᠋ᠰᠦ ᠨᠢ ᠭᠦᠢᠯᠡᠰᠦ ᠰᠢᠭ ᠲᠣᠮᠣ ᠪᠠᠶᠢᠳᠠᠭ᠂ ᠬᠡᠤᠬᠡᠳ ᠶᠡᠭᠡ ᠤᠬᠢᠯᠠᠬᠤ ᠳᠤ ᠬᠤᠶᠠᠷ ᠰᠠᠨᠲ᠋ᠢᠮᠧᠳ᠋ᠷ ᠥᠨᠳᠥᠷ ᠪᠠᠶᠢᠳᠠᠭ ᠪᠣᠯᠪᠠᠴᠤ ᠡᠪᠡᠳᠬᠦ ᠲᠥᠷᠥᠭᠳᠡᠯ ᠦᠭᠡᠢ ᠪᠠᠶᠢᠳᠠᠭ᠃ ᠬᠦᠶ᠋ᠰᠦ ᠲᠣᠪᠤᠶᠢᠬᠤ ᠨᠢ ᠶᠠᠭᠠᠬᠢᠵᠤ ᠪᠣᠶ ᠪᠣᠯᠤᠭᠰᠠᠨ ᠪᠣᠶ︖ ᠵᠠᠷᠢᠮ ᠬᠥᠮᠦᠨ ᠬᠦᠶ᠋ᠰᠦ ᠶᠢ ᠬᠡᠤᠬᠡᠳ ᠤᠨ ᠤᠬᠢᠯᠠᠵᠤ ᠠᠭᠠᠰᠢᠯᠠᠭᠰᠠᠨ ᠠᠴᠠ ︽ᠬᠦᠶ᠋ᠰᠦ ᠤᠬᠢᠯᠠᠨ᠎ᠠ︾ ᠭᠡᠵᠦ ᠬᠡᠯᠡᠳᠡᠭ᠂ ᠵᠠᠷᠢᠮ ᠬᠥᠮᠦᠨ ᠬᠠᠷᠢᠨ ᠬᠥᠩᠭᠡᠵᠢᠬᠦ ᠣᠶᠢᠶ᠎ᠠ ᠳᠤ ᠡᠬᠡ ᠪᠠᠷᠢᠭᠠᠴᠢ ᠶᠢᠨ ᠮᠡᠷᠭᠡᠵᠢᠯ ᠥᠨᠳᠥᠷ ᠪᠢᠰᠢ᠂ ᠬᠦᠶ᠋ᠰᠦ ᠶᠢ ᠪᠣᠭᠤᠬᠤ ᠠᠷᠭ᠎ᠠ ᠨᠢ ᠪᠤᠷᠤᠭᠤᠳᠠᠭᠰᠠᠨ ᠠᠴᠠ ᠪᠣᠯᠤᠭᠰᠠᠨ ᠭᠡᠵᠦ ᠰᠡᠵᠢᠭᠯᠡᠳᠡᠭ᠃ ᠶᠡᠷᠦ ᠳᠡᠭᠡᠨ ᠪᠥᠰᠡᠭᠦ᠋ᠢᠴᠦᠳ ᠬᠥᠩᠭᠡᠵᠢᠬᠦ ᠣᠶᠢᠶ᠎ᠠ ᠳᠤ ᠬᠡᠤᠬᠡᠳ ᠤᠨ ᠬᠦᠢᠰᠦᠨ ᠤ ᠰᠦᠪᠡ ᠨᠢ ᠠᠶᠠᠨᠳᠠᠭᠠᠨ ᠪᠢᠲᠡᠭᠦᠷᠡᠳᠡᠭ᠂ ᠭᠡᠪᠡᠴᠦ ᠵᠠᠷᠢᠮ ᠨᠢ ᠬᠡᠤᠬᠡᠳ ᠤᠨ ᠬᠦᠢᠰᠦᠨ ᠤ ᠨᠦᠬᠡ ᠨᠢ ᠪᠢᠲᠡᠭᠦᠷᠡᠬᠦ ᠠᠴᠠ ᠡᠮᠦᠨ᠎ᠡ ᠦᠵᠡᠭᠳᠡᠳᠡᠭ᠃ ᠬᠦᠢᠰᠦᠨ ᠤ ᠰᠦᠪᠡ ᠨᠢ ᠪᠢᠲᠡᠭᠦᠷᠡᠭᠰᠡᠨ ᠦᠭᠡᠢ ᠨᠢᠷᠠᠶ ᠬᠡᠤᠬᠡᠳ ᠬᠦᠴᠦᠲᠡᠶ ᠬᠦᠴᠦᠯᠡᠪᠡᠯ᠂ ᠬᠡᠪᠡᠯᠢ ᠶᠢᠨ ᠳᠠᠷᠤᠯᠲᠠ ᠥᠨᠳᠥᠷ ᠠᠴᠠ ᠪᠣᠯᠵᠤ ᠬᠦᠢᠰᠦ ᠶᠢ ᠭᠠᠳᠠᠭᠰᠢ ᠭᠦᠳᠦ᠋ᠢᠯᠭᠡᠨ᠎ᠡ᠃ ᠰᠡᠷᠲᠡᠭ ᠨᠢ ᠨᠢᠯᠬ᠎ᠠ ᠬᠡᠤᠬᠡᠳ ᠤᠨ ᠡᠷᠡᠭᠦᠯ ᠮᠡᠨᠳᠦ ᠳᠤ ᠶᠠᠮᠠᠷ ᠴᠤ ᠮᠠᠭᠤ ᠨᠥᠯᠥᠭᠡ ᠦᠭᠡᠢ᠂ ᠣᠨᠴᠠᠭᠠᠢ ᠡᠮᠴᠢᠯᠡᠭᠡ ᠬᠢᠬᠦ ᠴᠢᠬᠤᠯᠠ ᠦᠭᠡᠢ᠂ ᠬᠦᠢᠰᠦᠨ ᠤ ᠰᠦᠪᠡ ᠨᠢ ᠪᠤᠶᠢᠵᠢᠯᠲᠠ ᠶᠢᠨ ᠲᠠᠰᠤᠷᠠᠯᠲᠠ ᠦᠭᠡᠢ ᠲᠡᠭᠦᠯᠳᠡᠷᠵᠢᠬᠦ ᠶᠢ ᠳᠠᠭᠠᠯᠳᠤᠨ ᠠᠨᠢᠳᠠᠭ᠃ ᠶᠡᠷᠦ ᠳᠡᠭᠡᠨ ᠳᠦᠷᠦᠭᠡᠳ 3 ᠰᠠᠷ᠎ᠠ ᠪᠣᠯᠤᠮᠠᠭᠴᠠ ᠪᠢᠲᠡᠭᠦᠷᠡᠵᠦ᠂ ᠵᠣᠩᠬᠢᠯᠠᠬᠤ ᠲᠣᠭᠠᠨ ᠤ ᠰᠡᠷᠲᠡᠭ ᠲᠠᠢ ᠬᠡᠤᠬᠡᠳ ᠳᠦᠷᠦᠭᠡᠳ 1 ᠵᠢᠯ ᠪᠣᠯᠤᠭᠰᠠᠨ ᠤ ᠳᠠᠷᠠᠭ᠎ᠠ ᠲᠡᠭᠦᠨ ᠤ ᠰᠡᠷᠲᠡᠭ ᠨᠢ ᠪᠦᠷ ᠠᠷᠢᠯᠳᠠᠭ᠃
 
ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号