ᠪᠠᠭ᠎ᠠ ᠨᠠᠰᠤᠨ ᠤ ᠬᠡᠦᠬᠡᠳ ᠤᠨ ᠬᠠᠷᠰᠢᠮᠠᠳᠠᠭᠠᠢ ᠵᠦᠢᠯ ᠤᠯᠠᠰᠢᠷᠠᠵᠥ ᠪᠤᠢ
ᠨᠡᠶᠢᠲᠡᠯᠡᠭᠰᠡᠨ ᠴᠠᠭ᠄
2024/9/13
     ᠡᠨᠡ ᠵᠢᠯ ᠤᠨ 8 ᠰᠠᠷ᠎ᠠ ᠶᠢᠨ 5 ᠠᠴᠠ 11 ᠤ ᠡᠳᠦᠷ ᠪᠣᠯ ᠶᠢᠰᠦᠳᠡᠬᠢ ︽ᠳᠤᠮᠳᠠᠳᠤ ᠤᠯᠤᠰ ᠤᠨ ᠬᠠᠷᠰᠢᠮᠠᠳᠠᠭᠠᠢ ᠵᠦᠢᠯ ᠢ ᠰᠡᠷᠭᠡᠶᠢᠯᠡᠨ ᠵᠠᠰᠠᠬᠤ ᠭᠠᠷᠠᠭ︾ ᠪᠣᠯᠤᠨ᠎ᠠ᠃ ᠠᠨᠠᠭᠠᠬᠤ ᠤᠬᠠᠭᠠᠨ ᠤ ᠲᠤᠰᠬᠠᠶ ᠮᠡᠷᠭᠡᠵᠢᠯᠲᠡᠨ ᠂ ᠣᠶᠢᠷ᠎ᠠ ᠶᠢᠨ ᠵᠢᠯ ᠤᠳ ᠲᠤ ᠬᠡᠦᠬᠡᠳ ᠢᠯᠠᠩᠭᠤᠶ᠎ᠠ ᠪᠠᠭ᠎ᠠ ᠨᠠᠰᠤᠨ ᠤ ᠬᠡᠦᠬᠡᠳ ᠤᠨ ᠬᠠᠷᠰᠢᠮᠠᠳᠠᠭᠠᠢ ᠵᠦᠢᠯ ᠤᠯᠠᠮ ᠢᠶᠠᠷ ᠣᠯᠠᠰᠢᠷᠠᠵᠤ᠂ ᠠᠮᠢᠳᠤᠷᠠᠯ ᠤᠨ ᠠᠷᠭ᠎ᠠ ᠮᠠᠶ᠋ᠢᠭ ᠢᠶᠠᠨ ᠵᠣᠬᠢᠰᠲᠠᠶ ᠬᠤᠪᠢᠷᠠᠭᠤᠯᠬᠤ ᠨᠢ ᠬᠠᠷᠰᠢᠮᠠᠳᠠᠭᠠᠢ ᠡᠪᠡᠳᠴᠢᠨ ᠡᠭᠦᠰᠭᠦ ᠶᠢ ᠪᠠᠭᠠᠰᠬᠠᠬᠤ ᠳᠤ ᠠᠰᠢᠭᠲᠠᠶ ᠶᠤᠮ ᠬᠡᠵᠥ ᠢᠯᠡᠳᠬᠡᠪᠡ᠃     ︽ᠬᠠᠷᠰᠢᠮᠠᠲᠠᠭᠠᠶ ᠴᠢᠨᠠᠷᠲᠠᠶ ᠡᠪᠡᠳᠴᠢᠨ ᠨᠢ ᠨᠢᠭᠡᠨᠲᠡ ᠪᠥᠬᠦ ᠳᠡᠯᠡᠬᠡᠶ ᠶᠢᠨ ᠬᠥᠮᠦᠨ ᠲᠥᠷᠥᠯᠬᠢᠲᠡᠨ ᠤ ᠡᠷᠡᠭᠦᠯ ᠮᠡᠨᠳᠦ ᠶᠢ ᠨᠥᠯᠥᠭᠡᠯᠡᠬᠦ ᠭᠤᠤᠯ ᠤᠵᠢᠭ ᠡᠪᠡᠳᠴᠢᠨ ᠤ ᠨᠢᠭᠡ ᠪᠣᠯᠵᠠᠶ︾᠃ ᠳᠤᠮᠳᠠᠳᠤ ᠤᠯᠤᠰ ᠤᠨ ᠡᠮᠴᠢ ᠶᠢᠨ ᠨᠡᠶᠢᠭᠡᠮᠯᠢᠭ ᠤᠨ ᠬᠤᠪᠢᠷᠠᠮᠠᠯ ᠤᠷᠪᠠᠯ ᠤᠨ ᠡᠮᠴᠢ ᠶᠢᠨ ᠬᠤᠪᠢᠶᠠᠷᠢ ᠨᠡᠶᠢᠭᠡᠮᠯᠢᠭ ᠤᠨ ᠳᠠᠷᠤᠭ᠎ᠠ᠂ ᠪᠡᠭᠡᠵᠢᠩ ᠤᠨ ᠰᠢᠶᠧ ᠾᠧ ᠡᠮᠨᠡᠯᠭᠡ ᠶᠢᠨ ᠬᠤᠷᠢᠶᠠᠨ ᠤ ᠬᠤᠪᠢᠷᠠᠮᠠᠯ ︵ᠬᠠᠷᠰᠢᠮᠠᠲᠠᠭᠠᠶ︶ ᠤᠷᠪᠠᠯ ᠤᠨ ᠰᠠᠯᠠᠭᠠᠨ ᠤ ᠡᠷᠬᠢᠯᠡᠭᠴᠢ ᠡᠮᠴᠢ ᠶᠢᠨ ᠵᠢᠶᠠ᠂ ᠪᠡᠭᠡᠵᠢᠩ ᠤᠨ ᠰᠢᠶᠧ ᠾᠧ ᠡᠮᠨᠡᠯᠭᠡ ᠶᠢᠨ ᠬᠤᠷᠢᠶᠠᠨ ᠤ ᠬᠤᠪᠢᠷᠠᠮᠠᠯ ︵ᠬᠠᠷᠰᠢᠮᠠᠲᠠᠭᠠᠶ︶ ᠤᠷᠪᠠᠯ ᠤᠨ ᠰᠠᠯᠠᠭᠠᠨ ᠤ ᠣᠶᠢᠷ᠎ᠠ ᠶᠢᠨ ᠵᠢᠯ ᠤᠨ ᠡᠭᠦᠳᠡᠨ ᠡᠮᠨᠡᠯᠭᠡ ᠶᠢᠨ ᠪᠠᠶᠢᠳᠠᠯ ᠠᠴᠠ ᠦᠵᠡᠪᠡᠯ᠂ ᠢᠳᠡᠭᠡᠨ ᠳᠤ ᠬᠠᠷᠰᠢᠬᠤ᠂ ᠣᠨᠴᠠ ᠵᠣᠬᠢᠴᠠᠬᠤ ᠴᠢᠨᠠᠷᠲᠠᠶ ᠠᠷᠠᠰᠤᠨ ᠦᠷᠪᠢᠰᠦᠯ ᠣᠯᠤᠭᠰᠠᠨ ᠪᠠᠭ᠎ᠠ ᠨᠠᠰᠤᠨ ᠤ ᠬᠡᠦᠬᠡᠳ ᠵᠢᠴᠢ ᠬᠥᠭᠡᠴᠦ ᠶᠢᠨ ᠬᠠᠷᠰᠢᠮᠠᠲᠠᠭᠠᠶ ᠴᠢᠨᠠᠷᠲᠠᠶ ᠬᠢᠷᠬᠢᠷ᠎ᠡ ᠡᠪᠡᠳᠴᠢᠨ ᠲᠠᠢ ᠬᠡᠦᠬᠡᠳ ᠥᠩᠭᠡᠷᠡᠭᠰᠡᠨ ᠤ ᠬᠢ ᠠᠴᠠ ᠢᠯᠡᠳᠲᠡ ᠨᠡᠮᠡᠭᠳᠡᠵᠠᠢ ᠬᠡᠪᠡ᠃       ᠶᠢᠨ ᠵᠢᠶᠠ᠂ ᠬᠡᠦᠬᠡᠳ ᠲᠤ ᠬᠠᠷᠰᠢᠮᠠᠲᠠᠭᠠᠶ ᠴᠢᠨᠠᠷᠲᠠᠶ ᠡᠪᠡᠳᠴᠢᠨ ᠡᠭᠦᠰᠭᠦ ᠠᠶᠠᠨᠳᠠᠭᠠᠨ ᠤ ᠶᠠᠪᠤᠴᠠ ᠪᠣᠯ᠄ ᠲᠥᠷᠥᠭᠰᠡᠨ ᠤ ᠳᠠᠷᠠᠭᠠᠬᠢ ᠬᠡᠳᠦᠨ ᠰᠠᠷ᠎ᠠ ᠠᠴᠠ ᠡᠬᠢᠯᠡᠨ ᠤᠨᠴᠠ ᠵᠤᠬᠢᠴᠠᠬᠤ ᠴᠢᠨᠠᠷᠲᠠᠶ ᠠᠷᠠᠰᠤᠨ ᠦᠷᠪᠢᠰᠦᠯ ᠪᠠ ᠢᠳᠡᠭᠡᠨ ᠤ ᠬᠠᠷᠰᠢᠯ ᠡᠭᠦᠰᠴᠦ᠂ ᠬᠤᠶᠠᠷ ᠭᠤᠷᠪᠠᠨ ᠨᠠᠰᠤᠨ ᠠᠴᠠ ᠰᠡᠭᠦᠯᠡᠷ ᠠᠭᠠᠵᠢᠮ ᠢᠶᠠᠷ ᠰᠣᠷᠣᠬᠤ ᠴᠢᠨᠠᠷᠲᠠᠶ ᠬᠠᠷᠰᠢᠭᠤᠯᠤᠬᠴᠢ ᠬᠠᠷᠰᠢᠯ᠂ ᠵᠢᠱᠢᠶᠡᠯᠡᠪᠡᠯ ᠬᠠᠷᠰᠢᠮᠠᠲᠠᠭᠠᠶ ᠴᠢᠨᠠᠷᠲᠠᠶ ᠬᠢᠷᠬᠢᠷ᠎ᠡ ᠪᠠ ᠬᠠᠷᠰᠢᠮᠠᠲᠠᠭᠠᠶ ᠴᠢᠨᠠᠷᠲᠠᠶ ᠬᠠᠮᠠᠷ ᠤᠨ ᠦᠷᠪᠢᠰᠦᠯ ᠢᠯᠡᠷᠡᠨ᠎ᠡ ᠬᠡᠵᠥ ᠳᠠᠨᠢᠯᠴᠠᠭᠤᠯᠪᠠ᠃    ︽ᠠᠮᠢᠳᠤᠷᠠᠯ ᠤᠨ ᠠᠷᠭ᠎ᠠ ᠮᠠᠶ᠋ᠢᠭ ᠤᠨ ᠬᠤᠪᠢᠷᠠᠯᠲᠠ ᠪᠣᠯ ᠬᠡᠦᠬᠡᠳ ᠤᠨ ᠬᠠᠷᠰᠢᠮᠠᠳᠠᠭᠠᠢ ᠵᠦᠢᠯ ᠣᠯᠠᠰᠢᠷᠠᠭᠰᠠᠨ ᠤ ᠨᠢᠭᠡᠨ ᠴᠢᠬᠤᠯᠠ ᠰᠢᠯᠲᠠᠭᠠᠨ ᠮᠥᠨ︾᠃ ᠳᠤᠮᠳᠠᠳᠤ ᠶᠢᠨ ᠠᠨᠠᠭᠠᠬᠤ ᠤᠬᠠᠭᠠᠨ ᠤ ᠨᠡᠶᠢᠭᠡᠮᠯᠢᠭ ᠤᠨ ᠬᠤᠪᠢᠷᠠᠮᠠᠯ ᠤᠷᠪᠠᠯ ᠤᠨ ᠤᠬᠠᠭᠠᠨ ᠤ ᠬᠤᠪᠢᠶᠠᠷᠢ ᠨᠡᠶᠢᠭᠡᠮᠯᠢᠭ ᠤᠨ ᠤᠤᠯ ᠤᠨ ᠡᠷᠬᠢᠯᠡᠭᠴᠢ ᠭᠡᠰᠢᠭᠦᠨ᠂ ᠪᠡᠭᠡᠵᠢᠩ ᠤᠨ ᠰᠢᠶᠧ ᠾᠧ ᠡᠮᠨᠡᠯᠭᠡ ᠶᠢᠨ ᠬᠤᠷᠢᠶᠠᠨ ᠤ ᠬᠤᠪᠢᠷᠠᠮᠠᠯ ︵ᠬᠠᠷᠰᠢᠮᠠᠳᠠᠭᠠᠢ︶ ᠤᠷᠪᠠᠯ ᠤᠨ ᠰᠠᠯᠠᠭᠠᠨ ᠤ ᠡᠷᠬᠢᠯᠡᠭᠴᠢ ᠡᠮᠴᠢ ᠸᠠᠩ ᠯᠢᠶᠠᠩ ᠯᠤ᠋᠂ ᠨᠢᠯᠬ᠎ᠠ ᠬᠡᠦᠬᠡᠳ ᠲᠤ ᠬᠡᠲᠦ ᠡᠷᠲᠡ ᠪᠤᠶᠤ ᠬᠡᠲᠦ ᠣᠷᠣᠶ ᠲᠤᠰᠠᠯᠠᠬᠤ ᠢᠳᠡᠭᠡᠨ ᠨᠡᠮᠡᠬᠦ ᠨᠢ ᠴᠥᠮ ᠢᠳᠡᠭᠡᠨ ᠤ ᠬᠠᠷᠰᠢᠯ ᠤᠨ ᠡᠭᠦᠰᠭᠦ ᠨᠣᠷᠮ᠎ᠠ ᠶᠢ ᠨᠡᠮᠡᠭᠳᠡᠭᠦᠯᠵᠦ ᠮᠡᠳᠡᠨ᠎ᠡ᠂ ᠬᠠᠷᠢᠨ ᠲᠤᠰᠠᠯᠠᠬᠤ ᠢᠳᠡᠭᠡᠨ ᠨᠡᠮᠡᠬᠦ ᠴᠣᠩᠬᠤᠪᠴᠢ ᠬᠤᠭᠤᠴᠠᠭ᠎ᠠ ᠶᠢ ᠠᠳᠬᠤᠵᠤ᠂ ᠨᠢᠯᠬ᠎ᠠ ᠬᠡᠦᠬᠡᠳ ᠤᠨ 4 ᠠᠴᠠ 6 ᠰᠠᠷ᠎ᠠ ᠪᠣᠯᠬᠤ ᠦᠶ᠎ᠡ ᠳᠤ ᠬᠠᠲᠠᠭᠤ ᠪᠡᠶᠡᠲᠦ ᠢᠳᠡᠭᠡᠨ ᠢ ᠢᠳᠡᠬᠦᠯᠪᠡᠯ ᠢᠳᠡᠭᠡᠨ ᠤ ᠬᠠᠷᠰᠢᠯ ᠡᠭᠦᠰᠭᠦ ᠶᠢ ᠪᠠᠭᠠᠰᠬᠠᠵᠤ ᠴᠢᠳᠠᠨ᠎ᠠ︔ ᠡᠭᠦᠨ ᠠᠴᠠ ᠭᠠᠳᠠᠨ᠎ᠠ ᠂ ᠪᠠᠶᠢᠨ ᠳᠠᠬᠢᠨ ᠥᠷᠥᠭᠡ ᠪᠠᠨ ᠠᠷᠢᠭᠤᠳᠬᠠᠬᠤ᠂ ᠪᠠᠺᠲ᠋ᠧᠷᠢ ᠳᠠᠷᠤᠭᠴᠢ ᠶᠢ ᠳᠤᠷ᠎ᠠ ᠪᠠᠷ ᠬᠡᠷᠡᠭᠯᠡᠬᠦ ᠵᠡᠷᠭᠡ ᠠᠷᠭ᠎ᠠ ᠬᠢᠳᠡᠯ ᠨᠢ ᠬᠠᠷᠰᠢᠯ ᠡᠭᠦᠰᠭᠦ ᠶᠢ ᠰᠡᠷᠭᠡᠶᠢᠯᠡᠬᠦ ᠳᠤ ᠴᠥᠮ ᠠᠰᠢᠭ ᠥᠬᠡᠶ ᠪᠠᠶᠢᠳᠠᠭ ᠬᠡᠵᠥ ᠳᠠᠨᠢᠯᠴᠠᠭᠤᠯᠪᠠ᠃       ᠶᠢᠨ ᠵᠢᠶᠠ ᠪᠠᠰᠠ᠂ ᠥᠩᠭᠡᠨ ᠲᠠᠯ᠎ᠠ ᠶᠢᠨ ᠢᠳᠡᠪᠬᠢᠵᠢᠭᠦᠯᠦᠭᠴᠢ ᠪᠠᠷ ᠭᠤᠤᠯ ᠪᠦᠷᠢᠯᠳᠦᠬᠦᠨ ᠪᠣᠯᠭᠠᠭᠰᠠᠨ ᠤᠬᠢᠶᠠᠯᠭ᠎ᠠ ᠶᠢᠨ ᠰᠢᠩᠭᠡᠨ᠂ ᠬᠤᠪᠴᠠᠰᠤ ᠤᠬᠢᠶᠠᠬᠤ ᠰᠢᠩᠭᠡᠨ ᠵᠡᠷᠭᠡ ᠨᠢ ᠬᠡᠷᠪᠡ ᠠᠷᠠᠰᠤᠨ ᠳᠤ ᠦᠯᠡᠳᠡᠪᠡᠯ᠂ ᠠᠷᠠᠰᠤᠨ ᠤ ᠬᠠᠯᠬᠠᠪᠴᠢ ᠶᠢᠨ ᠴᠢᠳᠠᠮᠵᠢ ᠶᠢ ᠡᠪᠳᠡᠵᠦ᠂ ᠬᠠᠷᠰᠢᠮᠠᠲᠠᠭᠠᠶ ᠴᠢᠨᠠᠷᠲᠠᠶ ᠡᠪᠡᠳᠴᠢᠨ ᠡᠭᠦᠰᠭᠡᠵᠦ ᠮᠡᠳᠡᠨ᠎ᠡ᠂ ᠴᠢᠳᠠᠬᠤ ᠶᠢᠨ ᠳᠣᠲᠣᠷ᠎ᠠ ᠪᠠᠶᠢᠭᠠᠯᠢ ᠶᠢᠨ ᠪᠦᠷᠢᠯᠳᠦᠬᠦᠨ ᠢᠶᠠᠷ ᠭᠤᠤᠯ ᠪᠣᠯᠭᠠᠭᠰᠠᠨ ᠡᠳᠦᠷ ᠲᠤᠲᠤᠮ ᠤᠨ ᠬᠢᠮᠢ ᠶᠢᠨ ᠵᠦᠢᠯ ᠢ ᠬᠡᠷᠡᠭᠯᠡᠪᠡᠯ ᠵᠣᠬᠢᠨ᠎ᠠ᠃ ᠡᠭᠦᠨ ᠠᠴᠠ ᠭᠠᠳᠠᠨ᠎ᠠ᠂ ᠴᠡᠪᠡᠷ ᠤᠰᠤ ᠪᠠᠷ ᠪᠡᠶ᠎ᠡ ᠪᠠᠨ ᠤᠬᠢᠶᠠᠵᠤ᠂ ᠦᠰᠦ ᠤᠬᠢᠶᠠᠬᠤ ᠰᠢᠩᠬᠡᠨ ᠢ ᠵᠠᠶᠢᠯᠠᠬᠰᠠᠨ ᠤᠰᠤ ᠪᠠᠨ ᠪᠡᠶ᠎ᠡ ᠶᠢᠨ ᠠᠷᠠᠰᠤᠨ ᠳᠤ ᠬᠦᠷᠭᠡᠬᠦ ᠠᠴᠠ ᠵᠠᠶᠢᠯᠠᠰᠭᠢᠪᠡᠯ ᠠᠷᠠᠰᠤᠨ ᠳᠤ ᠬᠠᠷᠰᠢᠬᠤ ᠡᠪᠡᠳᠴᠢᠲᠡᠨ ᠤ ᠡᠪᠡᠳᠴᠢᠨ ᠤ ᠪᠠᠶᠢᠳᠠᠯ ᠬᠦᠨᠳᠦᠷᠡᠬᠦ ᠠᠴᠠ ᠰᠡᠷᠭᠡᠶᠢᠯᠡᠵᠦ ᠴᠢᠳᠠᠨ᠎ᠠ︔ ᠣᠨᠴᠠ ᠵᠣᠬᠢᠴᠠᠬᠤ ᠴᠢᠨᠠᠷᠲᠠᠢ ᠠᠷᠠᠰᠤᠨ ᠦᠷᠪᠢᠰᠦᠯ ᠲᠠᠢ ᠬᠡᠦᠬᠡᠳ ᠪᠡᠶ᠎ᠡ ᠪᠠᠨ ᠤᠬᠢᠶᠠᠵᠤ ᠵᠦᠯᠭᠦᠭᠰᠡᠨ ᠤ ᠳᠠᠷᠠᠭ᠎ᠠ ᠭᠤᠷᠪᠠᠨ ᠮᠢᠨᠦ᠋ᠲ ᠤᠨ ᠳᠣᠲᠣᠷ᠎ᠠ ᠠᠷᠠᠰᠤ ᠵᠥᠭᠡᠯᠡᠷᠡᠭᠦᠯᠬᠦ ᠰᠢᠩᠭᠡᠨ ᠲᠦᠷᠬᠢᠵᠦ᠂ ᠠᠷᠠᠰᠤᠨ ᠤ ᠴᠢᠬᠢᠭ ᠢᠶᠠᠨ ᠪᠠᠳᠤᠯᠠᠪᠠᠯ ᠵᠤᠬᠢᠨ᠎ᠠ ᠬᠡᠵᠥ ᠰᠠᠨᠠᠭᠤᠯᠪᠠ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号