ᠭᠠᠵᠠᠷ ᠰᠢᠷᠤᠢ ᠲᠠᠭᠠᠭᠠᠴᠢᠯᠠᠬᠰᠠᠨ ᠲᠤᠮᠤ ᠡᠷᠦᠭᠡ ᠭᠡᠷᠬᠢᠨ ᠨᠦᠭᠦᠪᠦᠷᠢ ᠤᠯᠬᠤ ᠪᠤᠢ︖
ᠨᠡᠶᠢᠲᠡᠯᠡᠭᠰᠡᠨ ᠴᠠᠭ᠄
2018/4/28
   ᠬᠦᠳᠡᠭᠡ ᠳᠤᠰᠬᠤᠨ ᠤ ᠭᠠᠵᠠᠷ ᠰᠢᠷᠤᠢ ᠶᠢ ᠳᠠᠭᠠᠭᠠᠴᠢᠯᠠᠭᠰᠠᠨ ᠤ  ᠳᠠᠷᠠᠭ᠎ᠠ᠂  ᠭᠠᠵᠠᠷ  ᠰᠢᠷᠤᠢ ᠶᠢᠨ  ᠦᠮᠴᠢᠯᠡᠯ ‍ᠤᠨ‌ᠡᠷᠭᠡ ᠶᠢᠨ ᠰᠢᠨᠵᠢ ᠴᠢᠨᠠᠷ ᠨᠢ ᠬᠤᠪᠢᠷᠠᠬᠤ ᠦᠭᠡᠢ᠂ ᠳᠠᠭᠠᠭᠠᠴᠢᠯᠠᠭᠰᠠᠨ ᠭᠠᠵᠠᠷ ᠰᠢᠷᠤᠢ ᠪᠠᠨ ᠬᠤᠳᠠᠯᠳᠤᠵᠤ  ᠪᠤᠯᠬᠤ  ᠦᠭᠡᠢ᠃ᠨᠠᠮ ᠤᠨ ᠠᠷᠪᠠ ᠶᠢᠰᠦᠳᠦᠭᠡᠷ ᠶᠡᠭᠡ  ᠬᠤᠷᠠᠯ ᠤᠨ  ᠢᠯᠡᠳᠭᠡᠯ ᠳᠤ  ᠳᠤᠷᠠᠳᠤᠭᠰᠠᠨ ᠢᠶᠠᠷ᠂  ᠬᠤᠶᠠᠳᠠᠬᠴᠢ  ᠡᠭᠡᠯᠵᠢᠨ ᠤ  ᠭᠠᠵᠠᠷ‌‍ᠰᠢᠷᠤᠢ ᠶᠢ ᠳᠠᠭᠠᠭᠠᠴᠢᠯᠠᠭᠰᠠᠨ ᠬᠤᠭᠤᠴᠠᠭ᠎ᠠ ᠲᠦᠭᠦᠷᠡᠭᠰᠡᠨ ᠤ ᠳᠠᠷᠠᠭ᠎ᠠ ᠳᠠᠬᠢᠭᠠᠳ ᠭᠤᠴᠢᠨ ᠵᠢᠯ ᠤᠷᠳᠤᠳᠬᠠᠨ᠎ᠠ᠃  ᠲᠡᠭᠡᠪᠡᠯ᠂ᠬᠦᠳᠡᠭᠡ ᠳᠤᠰᠬᠤᠨ ᠳᠤ ᠭᠡᠳᠦᠢ ᠮᠦ ᠭᠠᠵᠠᠷ ᠰᠢᠷᠤᠢ ᠳᠠᠭᠠᠭᠠᠴᠢᠯᠠᠪᠠᠯ ᠰᠠᠶ᠋ᠢ  ᠨᠦᠬᠦᠪᠦᠷᠢ ᠲᠠᠢ  ᠪᠤᠢ︖  ᠭᠡᠳᠦᠢ  ᠮᠦ  ᠭᠠᠵᠠᠷ‌‍ᠰᠢᠷᠤᠢ ᠳᠠᠭᠠᠭᠠᠴᠢᠯᠠᠪᠠᠯ ᠰᠠᠶ᠋ᠢ ᠳᠤᠮᠤ ᠡᠷᠦᠭᠡ ᠳᠤ ᠲᠤᠭᠠᠴᠠᠭᠳᠠᠬᠤ ᠪᠤᠢ︖  ᠤᠯᠤᠰ ᠠᠴᠠ  ᠭᠡᠳᠦᠢ  ᠨᠦᠬᠦᠪᠦᠷᠢ  ᠤᠯᠭᠤᠳᠠᠭ ᠪᠤᠯ︖ ᠡᠨᠡ ᠳᠤᠬᠠᠢ ᠳᠤᠤᠷᠠᠬᠢ ᠡᠮᠬᠢᠯᠡᠯ ᠢ ᠬᠠᠷᠠᠵᠠᠭᠠᠶ᠎ᠠ᠄            ᠭᠡᠳᠦᠢ ᠮᠦ ᠭᠠᠵᠠᠷ ᠰᠢᠷᠤᠢ ᠶᠢ ᠲᠠᠭᠠᠭᠠᠴᠢᠯᠠᠪᠠᠯ ᠨᠦᠬᠦᠪᠦᠷᠢ ᠤᠯᠭᠤᠬᠤ ᠪᠤᠢ︖            ᠤᠳᠤᠬᠠᠨ ᠳᠤ᠂ ᠬᠦᠳᠡᠭᠡ ᠲᠤᠰᠬᠤᠨ ᠤ ᠭᠠᠵᠠᠷ ᠰᠢᠷᠤᠢ ᠶᠢ ᠲᠠᠭᠠᠭᠠᠴᠢᠯᠠᠬᠤ ᠳᠤ  ᠲᠤᠬᠳᠠᠬᠰᠠᠨ  ᠨᠦᠬᠦᠪᠤᠷᠢ  ᠬᠡᠵᠤ ᠪᠠᠶᠢᠳᠠᠭ ᠦᠬᠡᠢ᠂ ᠬᠡᠬᠦ ᠳᠡᠭᠡᠨ  ᠭᠠᠵᠠᠷ  ᠰᠢᠷᠤᠢ ᠶᠢ  ᠲᠠᠭᠠᠭᠠᠴᠢᠯᠠᠵᠤ  ᠡᠵᠡᠩᠨᠡᠬᠦ  ᠡᠷᠭᠡ ᠶᠢᠨ  ᠠᠰᠢᠭ  ᠲᠤᠰᠠ ᠶᠢ  ᠡᠳ᠋ᠯᠠᠵᠤ‌‍ᠪᠤᠯᠤᠨ᠎ᠠ᠃ ︽ᠬᠦᠳᠡᠭᠡ ᠲᠤᠰᠬᠤᠨ ᠤ  ᠭᠠᠵᠠᠷ  ᠰᠢᠷᠤᠢ ᠶᠢᠨ  ᠲᠠᠭᠠᠭᠠᠴᠢᠯᠠᠯᠳᠠ ᠶᠢᠨ  ᠬᠠᠤᠯᠢ ︾ ᠶᠢᠨ  ᠠᠷᠪᠠᠨ  ᠵᠢᠷᠭᠤᠳᠤᠭᠠᠷ ᠵᠤᠷᠪᠤᠰ ᠤᠨ ᠲᠤᠬᠳᠠᠭᠠᠯ ᠢ ᠦᠨᠳᠤᠰᠤᠯᠡᠪᠡᠯ᠂ ᠲᠠᠭᠠᠭᠠᠴᠢᠯᠠᠬᠰᠠᠨ ᠲᠠᠯ᠎ᠠ ᠨᠢ ᠲᠤᠤᠷᠠᠬᠢ ᠡᠷᠭᠡ ᠶᠢ ᠡᠳ᠋ᠯᠠᠵᠤ ᠪᠤᠯᠤᠨ᠎ᠠ᠄            ︵ᠨᠢᠭᠡ︶ ᠲᠠᠭᠠᠭᠠᠴᠢᠯᠠᠬᠰᠠᠨ ᠭᠠᠵᠠᠷ  ᠰᠢᠷᠤᠢ ᠶᠢ  ᠬᠠᠤᠯᠢ  ᠶᠤᠰᠤᠭᠠᠷ  ᠬᠡᠷᠡᠭᠯᠡᠬᠦ᠂  ᠠᠰᠢᠭ  ᠬᠦᠷᠳᠡᠬᠦ  ᠪᠠ  ᠭᠠᠵᠠᠷ ᠰᠢᠷᠤᠢ ᠶᠢ ᠲᠠᠭᠠᠭᠠᠴᠢᠯᠠᠵᠤ ᠡᠵᠡᠩᠨᠡᠬᠦ ᠡᠷᠭᠡ ᠶᠢ ᠰᠢᠯᠵᠢᠬᠦᠯᠤᠨ ᠲᠠᠭᠠᠭᠠᠴᠢᠯᠠᠭᠤᠯᠬᠤ ᠡᠷᠭᠡ ᠲᠠᠢ᠂ ᠪᠠᠰᠠ ᠦᠪᠡᠰᠤᠪᠠᠨ  ᠵᠤᠬᠢᠶᠠᠨ‌‍ᠪᠠᠶᠢᠭᠤᠯᠵᠤ ᠦᠢᠯᠡᠳᠪᠤᠷᠢᠯᠡᠨ ᠡᠵᠡᠩᠨᠡᠬᠦ ᠪᠠ ᠪᠦᠳᠤᠭᠡᠭᠳᠡᠬᠦᠨ ᠢ ᠰᠢᠢᠳᠪᠤᠷᠢᠯᠡᠬᠦ ᠡᠷᠭᠡ ᠲᠠᠢ︔            ︵ᠬᠤᠶᠠᠷ︶ ᠲᠠᠭᠠᠭᠠᠴᠢᠯᠠᠬᠰᠠᠨ ᠭᠠᠵᠠᠷ ᠰᠢᠷᠤᠢ ᠶᠢ  ᠬᠠᠤᠯᠢ  ᠶᠤᠰᠤᠭᠠᠷ  ᠲᠠᠳᠠᠪᠤᠷᠢᠯᠠᠨ  ᠬᠡᠷᠡᠭᠯᠡᠭᠰᠡᠨ  ᠪᠠ  ᠡᠵᠡᠮᠳᠡᠨ‌‍ᠬᠡᠷᠡᠭᠯᠡᠭᠰᠡᠨ ᠪᠠᠶᠢᠪᠠᠯ ᠵᠤᠬᠢᠬᠤ ᠨᠦᠬᠦᠪᠤᠷᠢ ᠤᠯᠬᠤ ᠡᠷᠭᠡ ᠲᠠᠢ︔            ︵ᠭᠤᠷᠪᠠ︶ ᠬᠠᠤᠯᠢ ᠲᠦᠷᠢᠮ᠂ ᠵᠠᠰᠠᠭ  ᠵᠠᠬᠢᠷᠭᠠᠨ ᠤ  ᠬᠠᠤᠯᠢ  ᠲᠤᠬᠳᠠᠭᠠᠯ ᠳᠤ  ᠲᠤᠬᠳᠠᠬᠰᠠᠨ  ᠪᠤᠰᠤᠳ  ᠡᠷᠭᠡ ᠶᠢ ᠡᠳ᠋ᠯᠡᠵᠤ ᠪᠤᠯᠤᠨ᠎ᠠ᠃            ᠵᠠᠷᠴᠢᠮ ᠲᠡᠭᠡᠷ᠎ᠡ ᠪᠠᠨ ᠡᠩ ᠤᠨ ᠪᠠᠶᠢᠳᠠᠯ ᠳᠤ 100  ᠮᠦ ᠠᠴᠠ  ᠲᠡᠭᠡᠭᠰᠢᠬᠢ  ᠳᠠᠷᠢᠶᠠᠨ  ᠭᠠᠵᠠᠷ ᠢ  ᠳᠠᠭᠠᠭᠠᠴᠢᠯᠠᠨ‌‍ᠲ᠋ᠠᠷᠢᠶᠠᠯᠠᠩ ᠦᠢᠯᠡᠳᠪᠦᠷᠢᠯᠡᠯ ᠳᠤ ᠭᠡᠷᠡᠭᠯᠡᠪᠡᠯ ᠵᠠᠰᠠᠭ ᠤᠨ ᠤᠷᠳᠤᠨ ᠠᠴᠠ ᠮᠦ  ᠪᠦᠷᠢ ᠳᠤ  200  ᠲᠥᠭᠦᠷᠢᠭ  ᠤᠷᠴᠢᠮ ‍ᠤᠨ‌ᠨᠦ᠋ᠬᠦᠪᠦᠷᠢ ᠤᠯᠭᠤᠨ᠎ᠠ᠃ ᠡᠯ᠎ᠡ ᠭᠠᠵᠠᠷ ᠤᠨ ᠲᠦᠷᠦ ᠶᠢᠨ ᠪᠤᠳᠤᠯᠭ᠎ᠠ  ᠪᠠ  ᠪᠠᠷᠢᠮᠵᠢᠶ᠎ᠠ ᠨᠢ  ᠠᠳᠠᠯᠢ  ᠪᠤᠰᠤ  ᠳᠤᠯᠠ  ᠪᠤᠳᠠᠳᠠᠢ‌ᠨᠦ᠋ᠬᠦᠪᠦᠷᠢ ᠤᠯᠭᠤᠬᠤ ᠠᠷᠭ᠎ᠠ ᠪᠠ ᠪᠠᠷᠢᠮᠵᠢᠶ᠎ᠠ ᠶᠢ ᠰᠠᠭᠤᠭ᠎ᠠ ᠭᠠᠵᠠᠷ ᠤᠨ ᠢᠶᠠᠨ ᠳᠠᠷᠢᠶᠠᠯᠠᠩ ᠤᠨ ᠶᠠᠪᠤᠳᠠᠯ ᠤᠨ  ᠬᠠᠮᠢᠶ᠎ᠠ  ᠪᠦᠬᠦᠢ‌‍ᠰᠠᠯᠠᠭ᠎ᠠ ᠮᠦᠴᠢᠷ ᠲᠤ ᠬᠦᠷᠴᠦ ᠨᠠᠷᠢᠨ ᠵᠦᠪᠯᠡᠬᠦ ᠴᠢᠬᠤᠯᠠᠳᠠᠢ᠃ ᠤᠯᠤᠰ ᠤᠨ ᠤᠳᠤ ᠶᠢᠨ ︽ᠭᠤᠷᠪᠠᠳᠤᠭᠠᠷ  ᠤᠳᠠᠭᠠᠨ ᠤ  ᠪᠦᠬᠦ ᠤᠯᠤᠰ ᠤᠨ  ᠳᠠᠷᠢᠶᠠᠯᠠᠩ ᠤᠨ  ᠨᠡᠶᠢᠳᠡᠮ ᠤᠨ  ᠪᠠᠶᠢᠴᠠᠭᠠᠯᠳᠠ ᠶᠢᠨ  ᠲᠦᠰᠦᠯ︾  ᠳᠤᠮᠳᠠ  ᠭᠡᠪᠴᠢᠶᠡᠵᠢᠭᠰᠡᠨ  ᠳᠠᠷᠢᠶᠠᠯᠠᠩ ‍ᠤᠨ‌ᠡᠵᠡᠩᠨᠡᠯᠳᠡ ᠶᠢᠨ ᠡᠷᠦᠭᠡ ᠶᠢ ᠳᠤᠭᠳᠠᠭᠠᠬᠤ ᠪᠠᠷᠢᠮᠵᠢᠶ᠎ᠠ ᠪᠤᠯ᠄            ᠳᠠᠷᠢᠵᠤ ᠤᠷᠭᠤᠭᠤᠯᠬᠤ ᠦᠢᠯᠡᠰ᠄  ᠳᠠᠸᠠᠷᠴᠢᠯᠠᠬᠰᠠᠨ  ᠡᠵᠡᠩᠨᠡᠯᠳᠡ ᠪᠠᠷ  ᠭᠤᠤᠯᠳᠠᠭᠤᠯᠤᠭᠰᠠᠨ  ᠪᠠᠶᠢᠬᠤ  ᠭᠡᠷᠡᠭᠳᠡᠢ‌ᠮᠦ᠋ᠷᠲᠡᠭᠡᠨ ᠭᠡᠪᠴᠢᠶᠡᠵᠢᠯ ᠨᠢ ᠨᠢᠭᠡ ᠵᠢᠯ ᠳᠤ  ᠨᠢᠭᠡ  ᠪᠤᠯᠪᠠᠰᠤᠷᠠᠳᠠᠭ  ᠭᠠᠵᠠᠷ  ᠤᠷᠤᠨ ᠤ  100  ᠮᠦ  ᠵᠢᠴᠢ  ᠡᠬᠦᠨ ᠡᠴᠠ‌‍ᠲ᠋ᠡᠭᠡᠭᠰᠢᠬᠢ ᠵᠠᠳᠠᠭᠠᠢ ᠳᠠᠷᠢᠶᠠᠨ ᠭᠠᠵᠠᠷ᠂ ᠨᠢᠭᠡ ᠵᠢᠯ ᠳᠤ ᠬᠤᠶᠠᠷ ᠠᠴᠠ ᠲᠡᠭᠡᠭᠰᠢ ᠪᠤᠯᠪᠠᠰᠤᠷᠠᠳᠠᠭ ᠭᠠᠵᠠᠷ  ᠤᠷᠤᠨ ᠤ  50  ᠮᠦ‌ᠵᠢᠴᠢ ᠡᠬᠦᠨ ᠠᠴᠠ ᠲᠡᠭᠡᠭᠰᠢᠬᠢ ᠵᠠᠳᠠᠭᠠᠢ ᠳᠠᠷᠢᠶᠠᠨ ᠭᠠᠵᠠᠷ᠂ ᠲᠦᠬᠦᠭᠡᠷᠦᠮᠵᠢᠳᠦ ᠳᠠᠷᠢᠶᠠᠯᠠᠩ ᠤᠨ  ᠲᠦᠬᠦᠭᠡᠷᠦᠮᠵᠢ ᠨᠢ  25  ᠮᠦ ᠵᠢᠴᠢ ᠡᠬᠦᠨ ᠠᠴᠠ ᠲᠡᠭᠡᠭᠰᠢᠬᠢ ᠶᠢ ᠡᠵᠡᠯᠡᠭᠰᠡᠨ ᠪᠠᠶᠢᠬᠤ ᠭᠡᠷᠡᠭᠳᠡᠢ᠃ ᠪᠠᠰᠠ ᠮᠠᠯ ᠠᠵᠤ ᠠᠬᠤᠢ᠂ ᠤᠢ  ᠰᠢᠭᠤᠢ᠂  ᠵᠢᠭᠠᠰᠤᠨ ‍ᠤ‌ᠦᠢᠯᠡᠰ᠂  ᠳᠠᠷᠢᠶᠠᠯᠠᠩ  ᠤᠢ  ᠰᠢᠭᠤᠢ  ᠮᠠᠯ  ᠠᠵᠤ  ᠠᠬᠤᠢ  ᠵᠢᠭᠠᠰᠤᠨ ᠤ  ᠦᠢᠯᠡᠰ ᠤᠨ  ᠦᠢᠯᠡᠴᠢᠯᠡᠭᠡ  ᠭᠡᠵᠦ  ᠦᠪᠡᠷ‌ᠦᠪᠡᠷᠰᠡᠳ ᠤᠨ ᠪᠠᠷᠢᠮᠵᠢᠶ᠎ᠠ ᠪᠠᠶᠢᠳᠠᠭ᠃            ᠳᠠᠭᠠᠭᠠᠴᠢᠯᠠᠭᠰᠠᠨ ᠭᠠᠵᠠᠷ ᠰᠢᠷᠤᠢ ᠳᠤ ᠤᠯᠤᠰ ᠠᠴᠠ ᠭᠡᠳᠦᠢ ᠮᠦᠩᠬᠦ ᠨᠦᠬᠦᠪᠦᠷᠢᠯᠡᠳᠡᠭ ᠪᠤᠯ︖            ᠭᠠᠵᠠᠷ ᠰᠢᠷᠤᠢ ᠶᠢ ᠳᠠᠭᠠᠭᠠᠴᠢᠯᠠᠭᠰᠠᠨ ᠦᠨ᠎ᠡ ᠬᠠᠩᠰᠢ ᠶᠢ ᠡᠯ᠎ᠡ ᠭᠠᠵᠠᠷ ᠤᠨ  ᠪᠤᠳᠠᠳᠠᠢ  ᠪᠠᠶᠢᠳᠠᠯ ᠢ  ᠦᠨᠳᠦᠰᠦᠯᠡᠨ‌‍ᠲ᠋ᠤᠭᠳᠠᠭᠠᠳᠠᠭ ᠳᠤᠯᠠ ᠨᠢᠭᠡᠳᠦᠯᠳᠡᠢ ᠪᠠᠷᠢᠮᠵᠢᠶ᠎ᠠ ᠪᠠᠶᠢᠬᠤ ᠦᠭᠡᠢ᠃  ᠤᠯᠤᠰ ᠤᠨ  ᠬᠠᠮᠢᠶ᠎ᠠ  ᠪᠦᠬᠦᠢ  ᠠᠮᠤ  ᠪᠤᠳᠠᠭ᠎ᠠ  ᠳᠠᠷᠢᠬᠤ‌‍ᠲ᠋ᠠᠷᠢᠶᠠᠯᠠᠩ ᠤᠨ ᠨᠦᠬᠦᠪᠦᠷᠢ ᠶᠢᠨ ᠲᠦᠷᠦ ᠶᠢᠨ ᠪᠤᠳᠤᠯᠭ᠎ᠠ ᠶᠢ ᠦᠨᠳᠦᠰᠦᠯᠡᠪᠠᠯ ᠳᠤᠤᠷᠠᠬᠢ ᠮᠡᠳᠦ ᠬᠤᠶᠠᠷ ᠲᠦᠷᠦᠯ ᠪᠤᠢ᠄           ᠨᠢᠭᠡ᠂ ᠠᠮᠤ ᠪᠤᠳᠠᠭ᠎ᠠ ︵ᠤᠰᠤᠨ ᠳᠤᠳᠤᠷᠭ᠎ᠠ︶ ᠳᠤ ᠰᠢᠭᠤᠳ ᠨᠦᠬᠦᠪᠦᠷᠢᠯᠡᠬᠦ ᠪᠠ  ᠳᠠᠷᠢᠶᠠᠯᠠᠩ ᠤᠨ  ᠮᠠᠲ᠋ᠧᠷᠢᠶᠠᠯ ᠳᠤ ᠶᠡᠷᠦᠩᠭᠡᠶᠢᠯᠡᠨ ᠨᠦᠬᠦᠪᠦᠷᠢᠯᠡᠬᠦ            1. ᠠᠮᠤ ᠪᠤᠳᠠᠭ᠎ᠠ ᠳᠤ ᠰᠢᠭᠤᠳ ᠨᠦᠬᠦᠪᠦᠷᠢᠯᠡᠬᠦ ᠪᠠ ᠳᠠᠷᠢᠶᠠᠯᠠᠩ ᠤᠨ ᠮᠠᠲ᠋ᠧᠷᠢᠶᠠᠯ ᠳᠤ ᠶᠡᠷᠦᠩᠭᠡᠶᠢᠯᠡᠨ ᠨᠦᠬᠦᠪᠦᠷᠢᠯᠡᠬᠦ‌‍ᠪᠠᠷᠢᠮᠵᠢᠶ᠎ᠠ ᠨᠢ ᠤᠰᠤᠨ  ᠳᠤᠳᠤᠷᠭ᠎ᠠ ᠶᠢ  ᠮᠦ  ᠪᠦᠷᠢ ᠳᠤ  20  ᠲᠥᠭᠦᠷᠢᠭ  ᠰᠢᠭᠤᠳ  ᠨᠦᠬᠦᠪᠦᠷᠢᠯᠡᠵᠦ᠂  ᠳᠠᠷᠢᠶᠠᠯᠠᠩ ‍ᠤᠨ‌ᠮᠠᠲ᠋ᠧᠷᠢᠶᠠᠯ ᠤᠨ ᠶᠡᠷᠦᠩᠭᠡᠶᠢᠯᠡᠨ ᠨᠦᠬᠦᠪᠦᠷᠢᠯᠡᠬᠦ  ᠪᠠᠷᠢᠮᠵᠢᠶ᠎ᠠ ᠨᠢ  ᠮᠦ  ᠪᠦᠷᠢ ᠳᠤ  ᠭᠠᠶᠢᠯᠢ  ᠲᠡᠮᠳᠡᠭᠯᠡᠬᠦ  ᠳᠠᠯᠠᠪᠠᠢ ᠨᠢ  81.5ᠲᠥᠭᠦᠷᠢᠭ︔            2.  ᠤᠰᠤᠨ  ᠳᠤᠳᠤᠷᠭ᠎ᠠ ᠳᠤ   ᠰᠢᠭᠤᠳ   ᠨᠦᠬᠦᠪᠦᠷᠢᠯᠡᠬᠦ   ᠨᠢᠭᠤᠷᠯᠠᠯ ᠢ   ᠤᠰᠤᠨ   ᠳᠤᠳᠤᠷᠭ᠎ᠠ   ᠳᠠᠷᠢᠵᠤ‌ᠤᠷᠭᠤᠭᠤᠯᠬᠤ ᠪᠠᠷ ᠲᠦᠯᠦᠪᠯᠡᠭᠰᠡᠨ ᠲᠡᠯᠡᠪᠡᠢ ᠪᠠᠷ ᠬᠢᠨᠠᠨ  ᠳᠤᠭᠳᠠᠭᠠᠨ᠎ᠠ︔  ᠳᠠᠷᠢᠶᠠᠯᠠᠩ ᠤᠨ  ᠮᠠᠲ᠋ᠧᠷᠢᠶᠠᠯ ᠤᠨ  ᠶᠡᠷᠦᠩᠭᠡᠶᠢᠯᠡᠨ‌ᠨᠦ᠋ᠬᠦᠪᠦᠷᠢᠯᠡᠬᠦ ᠨᠢᠭᠤᠷᠯᠠᠯ ᠪᠤᠯ ᠤᠰᠤᠨ ᠳᠤᠳᠤᠷᠭ᠎ᠠ᠂  ᠡᠷᠳᠡᠨᠢ  ᠰᠢᠰᠢ᠂  ᠪᠤᠭᠤᠳᠠᠢ  ᠵᠡᠷᠭᠡ ᠪᠠᠷ  ᠭᠤᠤᠯᠳᠠᠭᠤᠯᠤᠭᠰᠠᠨ  ᠠᠮᠤ ᠪᠤᠳᠠᠭᠠᠨ ᠤ ᠳᠠᠷᠢᠮᠠᠯ ᠤᠨ ᠲᠠᠯᠠᠪᠠᠢ ᠪᠠᠷ ᠬᠢᠨᠠᠨ ᠳᠤᠭᠳᠠᠭᠠᠨ᠎ᠠ︔            3. ᠭᠡᠨ ᠳᠠᠷᠢᠶ᠎ᠠ ᠳᠠᠷᠢᠪᠠᠯ ᠲᠡᠬᠦᠨ ᠳᠤ ᠨᠦᠬᠦᠪᠦᠷᠢ ᠤᠯᠭᠤᠬᠤ ᠵᠠᠷᠴᠢᠮ ᠢ ᠦᠷᠬᠦᠯᠵᠢᠯᠡᠨ ᠪᠠᠷᠢᠮᠳᠠᠯᠠᠬᠤ  ᠭᠡᠷᠡᠭᠳᠡᠢ᠃ᠵᠠᠷᠴᠢᠮ  ᠲᠡᠭᠡᠷ᠎ᠡ ᠪᠠᠨ  ᠭᠡᠨ  ᠳᠠᠷᠢᠶ᠎ᠠ  ᠳᠠᠷᠢᠪᠠᠯ  ᠲᠡᠷᠡ  ᠨᠦᠬᠦᠪᠦᠷᠢ  ᠤᠯᠬᠤ  ᠪᠤᠯᠪᠠᠴᠤ  ᠳᠠᠭᠠᠭᠠᠴᠢᠯᠠᠭᠰᠠᠨ  ᠭᠠᠵᠠᠷ ᠵᠶ᠋ᠠᠨ‌‍ᠪᠤᠰᠤᠳ ᠲᠤ ᠰᠢᠯᠵᠢᠬᠦᠯᠦᠨ ᠳᠠᠭᠠᠭᠠᠴᠢᠯᠠᠭᠤᠯᠤᠭᠰᠠᠨ ᠪᠠ  ᠪᠤᠰᠤᠳ ᠲᠤ  ᠲᠦᠷᠢᠶᠡᠰᠦᠯᠡᠬᠦᠯᠦᠭᠰᠡᠳ  ᠳᠠᠭᠠᠭᠠᠴᠢᠯᠠᠭᠰᠠᠨ  ᠪᠤᠶᠤ‌‍ᠲ᠋ᠦ᠋ᠷᠢᠶᠡᠰᠦᠯᠡᠭᠰᠡᠨ ᠵᠦᠪᠳᠡᠯᠴᠡᠭᠡᠷ ᠢᠶᠠᠨ ᠦᠨᠳᠦᠰᠦᠯᠡᠨ ᠰᠢᠢᠳᠪᠦᠷᠢᠯᠡᠨ᠎ᠡ︔            4. ᠡᠵᠡᠬᠦᠢ ᠬᠠᠶᠠᠵᠤ ᠠᠳᠠᠷᠰᠢᠭᠰᠠᠨ ᠭᠠᠵᠠᠷ ᠪᠤᠶᠤ  ᠳᠠᠷᠢᠶᠠᠯᠠᠩ ᠳᠤ  ᠡᠯᠰᠡᠭᠰᠡᠨ  ︵ᠡᠵᠡᠯᠡᠭᠰᠡᠨ︶  ᠪᠤᠰᠤ  ᠭᠠᠵᠠᠷ᠂ᠵᠠᠭᠠᠬ ᠰᠦᠪᠡᠷᠭᠡ ᠶᠢᠨ ᠭᠠᠵᠠᠷ᠂ ᠦᠪᠡᠰᠤᠪᠡᠨ ᠦᠯᠡᠳᠡᠭᠡᠭᠰᠡᠨ ᠭᠠᠵᠠᠷ ᠵᠡᠷᠭᠡ ᠳᠤ ᠨᠦᠬᠦᠪᠦᠷᠢ ᠤᠯᠭᠤᠬᠤ ᠦᠭᠡᠢ︔ ᠡᠨᠡ  ᠵᠢᠯ‌‍ᠲ᠋ᠠᠷᠢᠶᠠᠯᠠᠩ ᠳᠤ ᠭᠡᠷᠡᠭᠯᠡᠬᠦ ᠭᠠᠵᠠᠷ ᠢᠶᠠᠷ ᠡᠯᠰᠡᠭᠳᠡᠭᠰᠡᠨ ᠦᠭᠡᠢ ᠭᠠᠵᠠᠷ ᠤᠨ ᠳᠠᠯᠠᠪᠠᠢ ᠶᠢ ᠪᠠᠰᠠ ᠨᠦᠬᠦᠪᠦᠷᠢ ᠤᠯᠭᠤᠬᠤ  ᠨᠢᠭᠤᠷᠯᠠᠯ‌‍ᠪᠤᠯᠭᠠᠵᠤ ᠪᠤᠯᠬᠤ ᠦᠭᠡᠢ ᠭᠡᠵᠦ ᠳᠤᠳᠤᠷᠬᠠᠢ ᠳᠤᠭᠳᠠᠭᠠᠪᠠ︔ ᠦᠨᠳᠦᠷ  ᠦᠷ᠎ᠡ  ᠠᠰᠢᠬᠳᠤ  ᠳᠠᠷᠢᠶᠠᠯᠠᠩ  ᠴᠦᠮ  ᠨᠦᠬᠦᠪᠦᠷᠢ‌ᠤᠯᠭᠤᠬᠤ ᠭᠡᠪᠴᠢᠶᠡᠨ ᠳᠤ ᠪᠠᠭᠳᠠᠬᠤ ᠦᠭᠡᠢ᠂ ᠵᠠᠯᠭᠠᠯᠳᠤᠭᠰᠠᠨ ᠳᠠᠷᠢᠶᠠᠨ ᠭᠠᠵᠠᠷ ᠢ ᠲᠦᠬᠦᠭᠡᠷᠦᠮᠵᠢᠳᠦ ᠳᠠᠷᠢᠶᠠᠯᠠᠩ ᠳᠤ ᠭᠡᠷᠡᠭᠯᠡᠬᠦ‌ᠭᠠᠵᠠᠷ ᠪᠤᠯᠭᠠᠨ ᠬᠤᠪᠢᠷᠠᠭᠤᠯᠤᠭᠠᠳ ᠤᠳᠠᠭᠠᠨ ᠵᠢᠯ ᠳᠠᠷᠢᠶ᠎ᠠ ᠳᠠᠷᠢᠭᠰᠠᠨ ᠦᠭᠡᠢ ᠪᠤᠯ ᠨᠦᠬᠦᠪᠦᠷᠢ ᠤᠯᠭᠤᠬᠤ ᠦᠭᠡᠢ᠃           ᠬᠤᠶᠠᠷ᠂ ᠰᠢᠯᠢᠳᠡᠭ ᠳᠠᠷᠢᠶᠠᠨ ᠦᠷ᠎ᠡ ᠶᠢᠨ ᠨᠦᠬᠦᠪᠦᠷᠢ            ᠰᠢᠯᠢᠳᠡᠭ ᠳᠠᠷᠢᠶᠠᠨ ᠦᠷ᠎ᠡ ᠳᠤ ᠨᠦᠬᠦᠪᠦᠷᠢ  ᠤᠯᠭᠤᠬᠤ  ᠲᠦᠷᠦ ᠶᠢᠨ  ᠪᠤᠳᠤᠯᠭ᠎ᠠ ᠳᠤ  ᠢᠯᠡ᠂  ᠪᠦᠬᠦ  ᠳᠠᠯ᠎ᠠ ᠪᠠᠷ‌‍ᠪᠦ᠋ᠷᠬᠦᠬᠦᠯᠬᠦ᠂  ᠳᠠᠷᠢᠶᠠᠯᠠᠬᠤ  ᠡᠷᠦᠭᠡ ᠳᠤ  ᠰᠢᠭᠤᠳ  ᠨᠦᠬᠦᠪᠦᠷᠢᠯᠡᠬᠦ  ᠵᠠᠷᠴᠢᠮ ᠢ  ᠪᠠᠷᠢᠮᠳᠠᠯᠠᠬᠤ  ᠭᠡᠷᠡᠭᠳᠡᠢ᠃  ᠨᠦᠬᠦᠪᠦᠷᠢᠯᠡᠬᠦ‌‍ᠪᠠᠷᠢᠮᠵᠢᠶ᠎ᠠ᠄ ᠤᠰᠤᠨ ᠳᠤᠳᠤᠷᠭ᠎ᠠ ᠶᠢ ᠮᠦ ᠪᠦᠷᠢ ᠳᠤ 15 ᠲᠥᠭᠦᠷᠢᠭ᠂ ᠪᠤᠭᠤᠳᠠᠢ᠂ ᠡᠷᠳᠡᠨᠢ ᠰᠢᠰᠢ᠂ ᠯᠤᠬᠠᠱᠧᠩ ᠵᠡᠷᠭᠡ ᠶᠢ ᠮᠦ‌‍ᠪᠦ᠋ᠷᠢ ᠳᠤ 10 ᠲᠥᠭᠦᠷᠢᠭ ᠨᠦᠬᠦᠪᠤᠷᠢᠯᠡᠨ᠎ᠠ᠃ ᠭᠡᠬᠦ ᠳᠡᠭᠡᠨ ᠪᠦᠬᠦ ᠰᠢᠶᠠᠨ ᠤ ᠳᠤᠳᠤᠷᠭ᠎ᠠ  ᠪᠠ  ᠡᠷᠳᠡᠨᠢ  ᠰᠢᠰᠢ᠂  ᠪᠤᠭᠤᠳᠠᠢ᠂ᠯᠤᠬᠠᠱᠧᠩ ᠳᠠᠷᠢᠵᠤ ᠤᠷᠭᠤᠭᠤᠯᠬᠤ ᠡᠷᠦᠭᠡ ᠶᠢ ᠪᠦᠬᠦᠨ ᠢ ᠪᠦᠷᠬᠦᠬᠦᠯᠬᠦ ᠭᠡᠷᠡᠭᠳᠡᠢ᠃            ᠨᠦᠬᠦᠪᠦᠷᠢᠯᠡᠬᠦ ᠲᠡᠰ ᠲᠠᠷᠠᠭ᠎ᠠ᠄ ᠨᠦᠬᠦᠪᠦᠷᠢ ᠨᠢ ᠳᠤᠤᠷ᠎ᠠ ᠠᠴᠠ ᠲᠡᠭᠡᠭᠰᠢ ᠪᠠᠶᠢᠬᠤ ᠠᠷᠭ᠎ᠠ ᠶᠢ ᠠᠪᠴᠤ᠂ ᠨᠦᠬᠦᠪᠦᠷᠢᠯᠡᠬᠦ‌‍ᠲ᠋ᠠᠯᠠᠪᠠᠢ ᠶᠢ ᠳᠤᠰᠬᠤᠨ ᠤ ᠠᠷᠠᠳ ᠤᠨ ᠵᠦᠪᠯᠡᠯ ᠠᠴᠠ ᠳᠠᠷᠢᠶᠠᠴᠢᠨ ᠡᠷᠦᠭᠡ ᠶᠢ ᠵᠤᠬᠢᠶᠠᠨ ᠪᠠᠶᠢᠭᠤᠯᠤᠨ᠂  ᠦᠨᠡᠨ  ᠪᠤᠳᠠᠳᠠᠢ ᠪᠠᠷ‌ᠭᠤᠶᠤᠴᠢᠯᠠᠨ ᠮᠡᠳᠡᠬᠦᠯᠬᠦ ᠶᠢᠨ ᠬᠠᠮᠳᠤ  ᠳᠠᠩᠰᠠᠯᠠᠨ᠂  ᠳᠠᠩᠰᠠᠯᠠᠬᠰᠠᠨ ᠤ  ᠳᠠᠷᠠᠭ᠎ᠠ  ᠳᠤᠰᠬᠤᠨ ᠤ  ᠠᠷᠠᠳ ᠤᠨ  ᠵᠦᠪᠯᠡᠯ ᠡᠴᠠ‌ᠨᠦ᠋ᠬᠦᠪᠦᠷᠢᠯᠡᠬᠦ ᠱᠠᠭᠠᠷᠳᠠᠯᠭ᠎ᠠ ᠪᠠᠷ ᠬᠢᠨᠠᠨ ᠬᠠᠷᠭᠤᠭᠤᠯᠬᠤ ᠶᠢᠨ ᠬᠠᠮᠳᠤ ᠳᠤᠰᠬᠤᠨ ᠤ  ᠠᠷᠠᠳ ᠤᠨ  ᠳᠤᠭᠤᠢᠢᠯᠠᠩ ᠢᠶᠠᠷ  ᠨᠢᠬᠡᠴᠢ‌‍ᠪᠤᠯᠭᠠᠨ ᠡᠷᠦᠭᠡ ᠳᠠᠷᠠᠭᠠᠯᠠᠨ ᠰᠠᠮᠪᠠᠷ᠎ᠠ ᠳᠤ  ᠢᠯᠡ ᠪᠠᠷ  ᠵᠠᠷᠯᠠᠵᠤ᠂  ᠳᠤᠰᠬᠤᠨ ᠤ  ᠳᠤᠭᠤᠢᠢᠯᠠᠩ ᠤᠨ  ᠺᠠᠳ᠋ᠷ  ᠪᠤᠯ  ᠳᠤᠰᠠᠭᠠᠷ‌ᠢᠯᠠ ᠪᠠᠷ ᠵᠠᠷᠯᠠᠨ᠂ ᠢᠯᠡ ᠪᠠᠷ ᠵᠠᠷᠯᠠᠬᠤ ᠬᠤᠭᠤᠴᠠᠭ᠎ᠠ ᠨᠢ 7 ᠡᠳᠦᠷ ᠠᠴᠠ ᠤᠬᠤᠷ  ᠪᠠᠶᠢᠵᠤ  ᠪᠤᠯᠬᠤ  ᠦᠭᠡᠢ᠃  ᠢᠯᠡ ᠪᠠᠷ‌ᠵᠠᠷᠯᠠᠬᠰᠠᠨ ᠵᠦᠢᠯ ᠳᠤ ᠤᠨᠳᠤᠤ ᠰᠠᠨᠠᠯ ᠪᠠᠶᠢᠪᠠᠯ ᠴᠠᠭ ᠳᠠᠷᠤᠢ ᠳᠤᠨᠢ  ᠪᠠᠶᠢᠴᠠᠭᠠᠨ  ᠬᠠᠷᠭᠤᠭᠤᠯᠵᠤ  ᠵᠠᠯᠠᠷᠠᠭᠤᠯᠬᠤ ᠶᠢᠨ  ᠬᠠᠮᠳᠤ‌‍ᠲ᠋ᠠᠬᠢᠨᠳᠠ ᠰᠠᠮᠪᠠᠷ᠎ᠠ ᠳᠤ ᠢᠯᠠ ᠪᠠᠷ ᠵᠠᠷᠯᠠᠬᠤ ᠭᠡᠷᠡᠭᠳᠡᠢ᠃ ᠢᠯᠡ  ᠵᠠᠷᠯᠠᠯ  ᠲᠡᠬᠦᠰᠦᠭᠰᠡᠨ ᠤ  ᠳᠠᠷᠠᠭ᠎ᠠ᠂  ᠰᠢᠶᠠᠩ  ᠪᠠᠯᠭᠠᠰᠤᠨ ‍ᠤ‌ᠠᠷᠠᠳ ᠤᠨ ᠵᠠᠰᠠᠭ ᠤᠨ ᠤᠷᠳᠤᠨ ᠠᠴᠠ ᠨᠡᠶᠢᠯᠡᠬᠦᠯᠦᠨ ᠬᠢᠨᠠᠨ ᠪᠠᠶᠢᠴᠠᠭᠠᠬᠤ ᠶᠢᠨ  ᠬᠠᠮᠳᠤ  ᠰᠢᠶᠠᠨ ᠤ  ᠳᠠᠷᠢᠶᠠᠯᠠᠩ᠂  ᠡᠳ᠋ ‍ᠤᠨ‌ᠵᠠᠰᠠᠭ ᠤᠨ ᠰᠠᠯᠠᠭ᠎ᠠ ᠮᠦᠴᠢᠷ ᠲᠤ ᠮᠡᠳᠡᠬᠦᠯᠦᠨ᠂ ᠰᠢᠶᠠᠨ ᠤ ᠳᠠᠷᠢᠶᠠᠯᠠᠩ᠂ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ  ᠬᠢᠨᠠᠨ‌‍ᠪᠠᠶᠢᠴᠠᠭᠠᠭᠰᠠᠨ ᠤ ᠳᠠᠷᠠᠭ᠎ᠠ ᠰᠢᠶᠠᠨ ᠤ  ᠠᠷᠠᠳ ᠤᠨ  ᠵᠠᠰᠠᠭ ᠤᠨ  ᠤᠷᠳᠤᠨ ᠳᠤ  ᠮᠡᠳᠡᠬᠦᠯᠦᠨ  ᠬᠢᠨᠠᠨ  ᠳᠤᠭᠳᠠᠭᠠᠵᠤ᠂  ᠪᠡᠯᠡ‌ᠮᠦ᠋ᠩᠬᠦ ᠶᠢ ᠳᠠᠷᠬᠠᠭᠠᠬᠤ ᠠᠵᠢᠯ ᠢ ᠰᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠵᠤᠬᠢᠶᠠᠨ ᠪᠠᠶᠢᠭᠤᠯᠤᠨ᠎ᠠ᠃                ︵ᠲᠤᠰ  ᠡᠭᠡ  ᠪᠢᠴᠢᠭ ᠢ  ︽ᠦᠪᠦᠷ  ᠮᠤᠩᠭᠤᠯ ᠤᠨ  ᠠᠮᠢᠳᠤᠷᠠᠯ  ᠭᠠᠷᠠᠭ ᠤᠨ  ᠰᠤᠨᠢᠨ︾   ᠠᠴᠠ  ᠰᠢᠯᠵᠢᠬᠦᠯᠦᠨ‌ᠨᠠᠶᠢᠷᠠᠭᠤᠯᠪᠠ︶
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号