ᠤᠶᠢᠷ᠎ᠠ ᠳᠤ ᠨᠡᠶᠢᠳᠡᠯᠡᠭᠰᠡᠡ ︽ᠲᠦᠷᠤ ᠶᠢᠨ ᠶᠠᠪᠤᠳᠠᠯ ᠤᠨ ᠬᠤᠷᠢᠶ᠎ᠠ ᠶᠢᠨ ︿ᠪᠦᠬᠦ ᠤᠯᠤᠰ ᠤᠨ ᠰᠢᠨ᠎ᠠ ᠵᠢᠯ | ᠴᠠᠭᠠᠨ ᠰᠠᠷ᠎ᠠ ᠵᠢᠴᠢ ᠬᠡᠰᠡᠭ ᠪᠠᠶᠠᠷ ᠳᠤᠷᠠᠰᠬᠠᠯ ᠤᠨ ᠡᠳᠤᠷ ᠤᠨ ᠠᠮᠠᠷᠠᠯᠳᠠ ᠲᠠᠯᠪᠢᠬᠤ ᠠᠷᠭ᠎ᠠ﹀ ᠳᠤ ᠵᠠᠰᠠᠪᠤᠷᠢ | ᠤᠷᠤᠭᠤᠯᠤᠭᠰᠠᠠ ᠰᠶᠢᠳᠪᠤᠷᠢ︾ ᠶᠢ ᠦᠨᠳᠤᠰᠤᠯᠠᠪᠠᠯ᠂ 2025 ᠤᠨ ᠠᠴᠠ ᠡᠬᠢᠯᠠᠨ ᠪᠦᠬᠦ ᠠᠷᠠᠳ ᠤᠨ | ᠬᠠᠤᠯᠢ ᠪᠠᠷ ᠳᠤᠭᠳᠠᠭᠠᠭᠰᠠᠠ ᠪᠠᠶᠠᠷ ᠳᠤᠷᠠᠰᠬᠠᠯ ᠤᠨ ᠠᠮᠠᠷᠠᠯᠳᠠ ᠶᠢᠨ ᠡᠳᠤᠷ ᠤᠤᠯ ᠤᠨ ᠬᠢ ᠠᠴᠠ ᠪᠠᠨ 2 ᠡᠳᠤᠷ | ᠨᠡᠮᠡᠭᠳᠡᠭᠡᠳ 13 ᠡᠳᠤᠷ ᠪᠤᠯᠤᠭᠰᠠᠠ ᠪᠠᠶᠢᠨ᠎ᠠ᠃ ᠪᠠᠶᠠᠷ ᠳᠤᠷᠠᠰᠬᠠᠯ ᠤᠨ ᠠᠮᠠᠷᠠᠯᠳᠠ ᠶᠢᠨ 13 ᠡᠳᠤᠷ ᠲᠤ | ᠬᠦᠳᠡᠯᠮᠤᠷᠢᠯᠡᠭᠴᠢ ᠬᠡᠷᠪᠡ ᠠᠵᠢᠯ ᠤᠨ ᠪᠠᠶᠢᠷᠢ ᠪᠠᠨ ᠰᠡᠬᠢᠵᠤ᠂ ᠬᠡᠪ ᠤᠨ ᠶᠤᠰᠤᠭᠠᠷ ᠠᠵᠢᠯᠯᠠᠭᠰᠠᠠ ᠪᠠᠶᠢᠪᠠᠯ ᠬᠦᠮᠤᠨ | ᠬᠡᠷᠡᠭᠯᠡᠬᠦ ᠨᠢᠭᠡᠴᠡ ᠠᠴᠠ ᠬᠦᠳᠡᠯᠮᠤᠷᠢᠯᠡᠭᠴᠢ ᠳᠤ ᠭᠤᠷᠪᠡᠨ ᠲᠠᠬᠢᠨ ᠴᠡᠯᠢᠩ ᠦᠭᠬᠦ ᠶᠤᠰᠤᠳᠠᠢ᠃ ᠬᠦᠳᠡᠯᠮᠤᠷᠢᠯᠡᠭᠴᠢ | ᠪᠠᠶᠠᠷ ᠳᠤᠷᠠᠰᠬᠠᠯ ᠤᠨ ᠡᠳᠤᠷ ᠠᠴᠠ ᠭᠠᠳᠠᠨᠡᠬᠢ ᠪᠤᠰᠤᠳ ᠭᠠᠷᠠᠭ ᠤᠨ ᠰᠡᠬᠦᠯᠴᠢ ᠶᠢᠨ ᠠᠮᠠᠷᠠᠯᠳᠠ ᠵᠢᠴᠢ ᠰᠤᠯᠢᠵᠤ | ᠠᠮᠠᠷᠠᠭᠰᠠᠠ ᠡᠳᠤᠷ ᠲᠤ ᠨᠡᠮᠡᠵᠤ ᠠᠵᠢᠯᠯᠠᠪᠠᠯ ᠬᠦᠮᠤᠨ ᠬᠡᠷᠡᠭᠯᠡᠬᠦ ᠨᠢᠭᠡᠴᠡ ᠠᠴᠠ ᠬᠤᠶᠠᠷ ᠲᠠᠬᠢᠨ ᠴᠡᠯᠢᠩ ᠦᠭᠬᠦ | ᠶᠤᠰᠤᠳᠠᠢ᠃ ᠲᠡᠬᠡᠪᠡᠯ ᠨᠡᠮᠡᠵᠤ ᠠᠵᠢᠯᠯᠠᠭᠰᠠᠠ ᠴᠠᠯᠢᠩ ᠢ ᠬᠡᠷᠬᠢᠨ ᠪᠤᠳᠤᠬᠤ ᠪᠤᠢ︖ ︽ᠪᠦᠬᠦᠳᠠ ᠨᠠᠶᠢᠷᠠᠮᠳᠠᠬᠤ | ᠳᠤᠮᠳᠠᠳᠤ ᠠᠷᠠᠳ ᠤᠯᠤᠰ ᠤᠨ ᠬᠦᠳᠡᠯᠮᠤᠷᠢ ᠶᠢᠨ ᠬᠠᠤᠯᠢ︾ ᠶᠢᠨ ᠳᠤᠭᠳᠠᠭᠠᠯ ᠢ ᠦᠨᠳᠤᠰᠤᠯᠠᠪᠠᠯ᠂ | ᠬᠦᠳᠡᠯᠮᠤᠷᠢᠯᠡᠭᠴᠢ ᠬᠠᠤᠯᠢ ᠪᠠᠷ ᠳᠤᠭᠳᠠᠭᠠᠭᠰᠠᠠ ᠠᠮᠠᠷᠠᠯᠳᠠ ᠶᠢᠨ ᠡᠳᠤᠷ ᠪᠤᠯᠤᠨ ᠬᠤᠷᠢᠮ᠂ ᠪᠡᠯᠪᠡᠰᠤᠷᠠᠯ ᠤᠨ | ᠠᠮᠠᠷᠠᠯᠳᠠ ᠶᠢᠨ ᠬᠤᠭᠤᠴᠠᠭ᠎ᠠ ᠵᠢᠴᠢ ᠨᠡᠶᠢᠬᠡᠮ ᠤᠨ ᠠᠵᠢᠯᠯᠠᠭ᠎ᠠ ᠳᠤ ᠬᠠᠤᠯᠢ ᠶᠤᠰᠤᠭᠠᠷ ᠤᠷᠤᠯᠴᠠᠬᠤ | ᠬᠤᠭᠤᠴᠠᠭᠠᠨ ᠳᠤ ᠬᠦᠮᠤᠨ ᠬᠡᠷᠡᠭᠯᠡᠬᠦ ᠨᠢᠭᠡᠴᠡ ᠶᠢᠨ ᠬᠢᠨ ᠬᠠᠤᠯᠢ ᠶᠤᠰᠤᠭᠠᠷ ᠴᠠᠯᠢᠩ ᠤᠯᠭᠤᠬᠤ ᠶᠤᠰᠤᠳᠠᠢ᠃ | ᠡᠶᠢᠮᠤ ᠠᠴᠠ ᠡᠳᠤᠷ ᠤᠨ ᠴᠡᠯᠢᠩ ᠢ ᠨᠤᠭᠤᠯᠤᠨ ᠪᠤᠳᠤᠬᠤ ᠦᠶ᠎ᠠ ᠳᠤ ᠭᠠᠷᠠᠭ ᠤᠨ ᠰᠡᠬᠦᠯᠴᠢ ᠶᠢᠨ ᠠᠮᠠᠷᠠᠯᠳᠠ ᠶᠢᠨ | ᠡᠳᠤᠷ ᠢ ᠬᠠᠰᠤᠬᠤ ᠴᠢᠬᠤᠯᠠᠳᠠᠢ ᠪᠤᠯᠪᠠᠴᠤ ᠬᠠᠤᠯᠢ ᠪᠠᠷ ᠳᠤᠭᠳᠠᠭᠠᠭᠰᠠᠠ 13 ᠡᠳᠤᠷ ᠤᠨ ᠪᠠᠶᠠᠷ ᠳᠣᠷᠠᠰᠬᠠᠯ ᠤᠨ | ᠡᠳᠤᠷ ᠢ ᠬᠠᠰᠤᠬᠤ ᠴᠢᠬᠤᠯᠠ ᠦᠬᠡᠢ᠃ ᠡᠬᠦᠨ ᠠᠴᠠ ᠭᠠᠳᠠᠨ᠎ᠠ᠂ ᠬᠦᠮᠤᠨ ᠬᠡᠷᠡᠭᠯᠡᠬᠦ ᠨᠢᠬᠡᠴᠡ ᠠᠴᠠ | ᠬᠦᠳᠡᠯᠮᠤᠷᠢᠯᠡᠭᠴᠢ ᠶᠢ ᠠᠮᠠᠷᠠᠯᠳᠠ ᠶᠢᠨ ᠡᠳᠤᠷ ᠠᠵᠢᠯᠯᠠᠭᠤᠯᠬᠤ ᠪᠠᠷ ᠳᠤᠬᠢᠷᠠᠭᠤᠯᠤᠭᠰᠠᠠ ᠮᠦᠷᠳᠡᠬᠡᠨ ᠨᠦᠬᠦᠵᠤ | ᠠᠮᠠᠷᠠᠬᠤ ᠴᠠᠭ ᠳᠤᠬᠢᠷᠠᠭᠤᠯᠵᠤ ᠲᠡᠶᠢᠯᠬᠦ ᠦᠬᠡᠢ ᠪᠤᠯ ᠬᠦᠳᠡᠯᠮᠤᠷᠢᠯᠡᠭᠴᠢ ᠶᠢᠨ ᠴᠡᠯᠢᠩ ᠤᠨ ᠬᠢᠨᠢ 200% ᠠᠴᠠ | ᠳᠤᠤᠷ᠎ᠠ ᠦᠬᠡᠢ ᠪᠠᠷ ᠴᠠᠯᠢᠩ ᠬᠦᠯᠤᠰᠤ ᠤᠯᠭᠤᠬᠤ ᠶᠤᠰᠤᠳᠠᠢ︔ ᠬᠦᠮᠤᠨ ᠬᠡᠷᠡᠭᠯᠡᠬᠦ ᠨᠢᠬᠡᠴᠡ ᠠᠴᠠ ᠬᠠᠤᠯᠢ ᠪᠠᠷ | ᠳᠤᠭᠳᠠᠭᠠᠭᠰᠠᠠ ᠠᠮᠠᠷᠠᠯᠳᠠ ᠶᠢᠨ ᠡᠳᠤᠷ ᠬᠦᠳᠡᠯᠮᠤᠷᠢᠯᠡᠭᠴᠢ ᠶᠢ ᠠᠵᠢᠯᠯᠠᠭᠤᠯᠬᠤ ᠪᠠᠷ ᠳᠤᠬᠢᠷᠠᠭᠤᠯᠤᠭᠰᠠᠠ ᠪᠠᠶᠢᠪᠠᠯ | ᠬᠦᠳᠡᠯᠮᠤᠷᠢᠯᠡᠭᠴᠢ ᠶᠢᠨ ᠴᠡᠯᠢᠩ ᠤᠨ ᠬᠢᠨᠢ 300% ᠠᠴᠠ ᠳᠤᠤᠷ᠎ᠠ ᠦᠬᠡᠢ ᠪᠠᠷ ᠴᠠᠯᠢᠩ ᠬᠦᠯᠤᠰᠤ ᠤᠯᠭᠤᠬᠤ | ᠶᠤᠰᠤᠳᠠᠢ᠃ |