2025 ᠣᠨ ᠤ 1 ᠳ᠋ᠦ᠋ᠭᠡᠷ ᠰᠠᠷ᠎ᠠ ᠳᠤ᠂ ᠬᠤᠪᠣᠷ ᠰᠢᠷᠣᠶ ᠶᠢᠨ ᠳᠡᠭᠡᠳᠦ ᠰᠢᠨ᠎ᠡ ᠮᠡᠷᠭᠡᠵᠢᠯ ᠤᠨ ᠣᠷᠣᠨ ᠳᠤ | ᠡᠷᠬᠡ ᠣᠯᠭᠤᠭᠰᠠᠨ ᠲᠤᠰᠬᠠᠶ ᠠᠰᠢᠭ 335 ᠬᠤᠪᠢ ︵ᠬᠤᠪᠣᠷ ᠰᠢᠷᠣᠶ ᠶᠢᠨ ᠲᠤᠰᠬᠠᠶ ᠠᠰᠢᠭ 60 ᠬᠤᠪᠢ | ᠪᠠᠭᠲᠠᠨ᠎ᠠ︶ ᠰᠢᠨ᠎ᠡ ᠪᠠᠷ ᠨᠡᠮᠡᠭᠳᠡᠵᠦ᠂ ᠪᠤᠭᠤᠲᠤ ᠬᠤᠲᠠ ᠶᠢᠨ 28.8% ᠶᠢ ᠡᠵᠡᠯᠡᠪᠡ᠃ | 4 ᠰᠠᠷ᠎ᠠ ᠳᠤ᠂ ᠪᠠᠶᠢᠭᠤᠯᠭ᠎ᠠ ᠪᠦᠯᠬᠦᠮ᠂ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠶᠢᠨ ᠡᠷᠬᠡ | ᠣᠯᠭᠤᠭᠰᠠᠨ ᠲᠤᠰᠬᠠᠶ ᠠᠰᠢᠭ 66 ᠬᠤᠪᠢ ᠪᠠᠶᠢᠵᠤ᠂ 97.1% ᠶᠢ ᠡᠵᠡᠯᠡᠪᠡ︔ ᠰᠢᠨᠵᠢᠯᠡᠬᠦ ᠤᠬᠠᠭᠠᠨ ᠤ | ᠰᠤᠳᠤᠯᠭᠠᠨ ᠤ ᠬᠦᠷᠢᠶᠡᠯᠡᠩ ᠭᠠᠵᠠᠷ ᠤᠨ ᠡᠷᠬᠡ ᠣᠯᠭᠤᠭᠰᠠᠨ ᠲᠤᠰᠬᠠᠶ ᠠᠰᠢᠭ 2 ᠬᠤᠪᠢ ᠪᠠᠶᠢᠵᠤ᠂ 2.9% ᠶᠢ | ᠡᠵᠡᠯᠡᠪᠡ᠃ | ᠡᠨᠡ ᠵᠢᠯ ᠤᠨ 4 ᠰᠠᠷ᠎ᠠ ᠶᠢᠨ ᠰᠡᠭᠦᠯᠴᠢ ᠪᠣᠯᠲᠠᠯ᠎ᠠ᠂ ᠬᠤᠪᠣᠷ ᠰᠢᠷᠣᠶ ᠶᠢᠨ ᠳᠡᠭᠡᠳᠦ ᠰᠢᠨ᠎ᠡ ᠮᠡᠷᠭᠡᠵᠢᠯ ᠤᠨ | ᠣᠷᠣᠨ ᠤ ᠬᠦᠴᠦᠨ ᠪᠦᠬᠦᠢ ᠲᠤᠰᠬᠠᠶ ᠠᠰᠢᠭ 7227 ᠬᠤᠪᠢ ᠪᠠᠶᠢᠵᠤ᠂ ᠪᠤᠭᠤᠲᠤ ᠬᠤᠲᠠ ᠶᠢᠨ 32.6% ᠶᠢ | ᠡᠵᠡᠯᠡᠵᠦ᠂ ᠥᠪᠡᠷᠲᠡᠭᠡᠨ ᠵᠠᠰᠠᠬᠤ ᠣᠷᠣᠨ ᠤ 6.2% ᠢ ᠡᠵᠡᠯᠡᠪᠡ᠃ ᠡᠭᠦᠨ ᠳᠤ ᠡᠭᠦᠳᠦᠯᠲᠡ ᠶᠢᠨ ᠲᠤᠰᠬᠠᠶ | ᠠᠰᠢᠭ 1384 ᠬᠤᠪᠢ ᠪᠠᠶᠢᠵᠤ᠂ ᠪᠤᠭᠤᠲᠤ ᠬᠤᠲᠠ ᠶᠢᠨ 32.9% ᠶᠢ ᠡᠵᠡᠯᠡᠵᠦ᠂ ᠥᠪᠡᠷᠲᠡᠭᠡᠨ ᠵᠠᠰᠠᠬᠤ | ᠣᠷᠣᠨ ᠤ 6.7% ᠶᠢ ᠡᠵᠡᠯᠡᠪᠡ︔ ᠬᠡᠷᠡᠭᠯᠡᠭᠡᠨ ᠤ ᠰᠢᠨ᠎ᠡ ᠬᠡᠯᠪᠡᠷᠢ ᠶᠢᠨ ᠲᠤᠰᠬᠠᠶ ᠠᠰᠢᠭ 5705 ᠬᠤᠪᠢ᠂ | ᠭᠠᠳᠠᠷ ᠳᠦᠷᠰᠦ ᠶᠢᠨ ᠵᠢᠷᠤᠭ ᠲᠥᠯᠥᠪᠯᠡᠭᠡᠨ ᠤ ᠲᠤᠰᠬᠠᠶ ᠠᠰᠢᠭ 138 ᠬᠤᠪᠢ ᠪᠠᠶᠢᠨ᠎ᠠ᠃ |