ᠼᠤᠦ ᠳᠤ ᠳᠡᠪᠲᠦᠭᠡᠭᠰᠡᠨ ᠰᠠᠷᠢᠮᠰᠠᠭ ᠢ ᠬᠡᠮᠵᠢᠶ᠎ᠡ ᠲᠠᠢ ᠢᠳᠡᠪᠡᠯ ᠬᠦᠮᠦᠨ ᠤ ᠪᠡᠶ᠎ᠡ ᠳᠤ ᠰᠠᠶᠢᠨ ᠪᠠᠶᠢᠳᠠᠭ᠂ | ᠭᠡᠪᠡᠴᠦ ᠵᠤᠬᠢᠰ ᠦᠭᠡᠢ ᠳᠡᠪᠲᠦᠭᠡᠬᠦ ᠪᠤᠶᠤ ᠬᠡᠲᠦ ᠢᠳᠡᠬᠦ ᠨᠢ ᠬᠦᠮᠦᠨ ᠤ ᠪᠡᠶ᠎ᠡ ᠳᠤ ᠬᠤᠤᠷ ᠲᠠᠢ ᠶᠤᠮ᠃ | ᠼᠤᠦ ᠳᠤ ᠳᠡᠪᠲᠦᠭᠡᠭᠰᠡᠨ ᠰᠠᠷᠢᠮᠰᠠᠭ ᠤᠨ ᠠᠰᠢᠭ ᠲᠠᠢ ᠲᠠᠯ᠎ᠠ᠄ ᠼᠤᠦ ᠳᠤ ᠳᠡᠪᠲᠦᠭᠡᠭᠰᠡᠨ ᠰᠠᠷᠢᠮᠰᠠᠭ ᠵᠤᠬᠢᠬᠤ | ᠬᠡᠮᠵᠢᠶ᠎ᠡ ᠪᠠᠷ ᠴᠢᠰᠤᠨ ᠳᠠᠷᠤᠯᠲᠠ ᠶᠢ ᠪᠠᠭᠤᠷᠠᠭᠤᠯᠳᠠᠭ᠂ ᠰᠠᠷᠢᠮᠰᠠᠭ ᠤᠨ ᠲᠤᠰ ᠪᠡᠶ᠎ᠡ ᠨᠢ ᠮᠠᠰᠢ ᠰᠠᠶᠢᠨ | ᠠᠷᠢᠭᠤᠳᠬᠠᠬᠤ᠂ ᠬᠤᠤᠷ ᠭᠠᠳᠠᠭᠰᠢᠯᠠᠭᠤᠯᠬᠤ ᠴᠢᠳᠠᠯ ᠲᠠᠢ ᠪᠤᠯᠬᠤᠷ ᠦᠷᠬᠦᠯᠵᠢ ᠰᠠᠷᠢᠮᠰᠠᠭ ᠢᠳᠡᠪᠡᠯ ᠴᠢᠰᠦᠨ | ᠰᠤᠲᠠᠯ ᠢ ᠳᠡᠯᠡᠨ᠂ ᠪᠡᠶ᠎ᠡ ᠮᠠᠬᠠᠪᠤᠳ ᠤᠨ ᠳᠤᠳᠤᠭᠠᠳᠤ ᠳᠤ ᠪᠠᠶᠢᠭ᠎ᠠ ᠬᠠᠶᠠᠭᠳᠠᠮᠠᠯ ᠪᠤᠳᠠᠰ ᠢ ᠭᠠᠳᠠᠭᠰᠢᠯᠠᠭᠤᠯᠳᠠᠭ᠂ | ᠡᠨᠡ ᠨᠢ ᠴᠢᠰᠦᠨ ᠳᠤ ᠪᠠᠶᠢᠭ᠎ᠠ ᠬᠤᠤᠷᠲᠤ ᠡᠳ᠋ ᠢ ᠵᠤᠬᠢᠰᠲᠠᠢ ᠪᠠᠭᠠᠰᠬᠠᠵᠤ᠂ ᠴᠢᠰᠦᠨ ᠳᠠᠷᠤᠯᠲᠠ ᠶᠢ ᠪᠠᠭᠤᠷᠠᠭᠤᠯᠳᠠᠭ | ᠃ | ᠼᠤᠦ ᠴᠢᠰᠤᠨ ᠰᠤᠳᠠᠯ ᠢ ᠵᠦᠭᠡᠯᠡᠷᠡᠭᠦᠯᠦᠨ᠎ᠡ᠂ ᠬᠡᠷᠪᠡ ᠼᠤᠦ ᠳᠤ ᠳᠡᠪᠲᠦᠭᠡᠭᠰᠡᠨ ᠰᠠᠷᠢᠮᠰᠠᠭ ᠢ ᠦᠷᠬᠦᠯᠵᠢ | ᠢᠳᠡᠭᠰᠡᠨ ᠤ ᠰᠡᠭᠦᠯᠡᠷ ᠴᠢᠰᠤᠨ ᠰᠤᠳᠠᠯ ᠢ ᠳᠡᠯᠡᠬᠦ ᠪᠠᠷ ᠪᠠᠷᠠᠬᠤ ᠦᠭᠡᠢ ᠪᠠᠰᠠ ᠴᠢᠰᠤᠨ ᠰᠤᠳᠠᠯ ᠤᠨ ᠤᠶᠠᠨ ᠴᠢᠨᠠᠷ ᠢ | ᠳᠡᠭᠡᠭᠰᠢᠯᠡᠭᠦᠯᠵᠦ᠂ ᠴᠢᠰᠤᠨ ᠳᠠᠷᠤᠯᠲᠠ ᠬᠡᠳᠦ ᠦᠨᠳᠦᠷ ᠪᠢᠰᠢ ᠪᠠᠶᠢᠳᠠᠯ ᠳᠤ ᠴᠢᠰᠤᠨ ᠳᠠᠷᠤᠯᠲᠠ ᠶᠢ | ᠪᠠᠭᠤᠷᠠᠭᠤᠯᠬᠤ ᠳᠤ ᠲᠤᠰᠠᠯᠠᠳᠠᠭ᠃ ᠲᠠᠭᠰᠢᠭᠤᠷ ᠢ ᠰᠡᠷᠭᠡᠶᠢᠯᠡᠨ᠂ ᠬᠠᠮᠠᠷ ᠤᠨ ᠦᠷᠪᠢᠰᠦᠯ ᠢ ᠵᠠᠰᠠᠵᠤ᠂ ᠪᠡᠶ᠎ᠡ | ᠴᠢᠬᠢᠷᠠᠭᠵᠢᠭᠤᠯᠬᠤ ᠦᠢᠯᠡᠳᠦᠯ ᠲᠠᠢ᠃ ᠬᠤᠭᠤᠯᠠᠢ ᠡᠪᠡᠳᠬᠦ ᠶᠢ ᠵᠠᠰᠠᠵᠤ᠂ ᠨᠦᠢᠷ ᠢ ᠰᠠᠶᠢᠵᠢᠷᠠᠭᠤᠯᠤᠨ᠎ᠠ᠃ | ᠰᠢᠩᠭᠡᠭᠡᠯᠲᠡ ᠶᠢ ᠰᠠᠶᠢᠵᠢᠷᠠᠭᠤᠯᠤᠨ᠎ᠠ᠃ ᠶᠠᠳᠠᠷᠠᠭ᠎ᠠ ᠶᠢ ᠲᠠᠶᠢᠯᠤᠨ᠂ ᠦᠲᠡᠯᠬᠦ ᠶᠢ ᠤᠳᠠᠭᠠᠰᠢᠷᠠᠭᠤᠯᠤᠨ᠎ᠠ᠃ | ᠴᠢᠰᠤ ᠶᠢ ᠰᠢᠩᠭᠡᠷᠡᠭᠦᠯᠵᠦ᠂ ᠴᠢᠰᠤᠨ ᠤ ᠡᠷᠭᠢᠯᠲᠡ ᠶᠢ ᠰᠠᠶᠢᠵᠢᠷᠠᠭᠤᠯᠤᠨ᠎ᠠ᠃ ᠴᠢᠰᠤᠨ ᠤ ᠦᠭᠡᠬᠦ ᠶᠢ ᠪᠠᠭᠤᠷᠠᠭᠤᠯᠵᠤ | ᠰᠢᠬᠢᠷ ᠰᠢᠵᠢᠩ ᠡᠪᠡᠳᠴᠢᠨ ᠢ ᠰᠡᠷᠭᠡᠶᠢᠯᠡᠳᠡᠭ᠃ ᠪᠠᠺᠲ᠋ᠧᠷᠢ ᠶᠢ ᠤᠰᠠᠳᠬᠠᠨ᠂ ᠦᠷᠪᠢᠰᠤᠯ ᠢ ᠳᠠᠷᠤᠵᠤ᠂ ᠡᠪᠡᠳᠴᠢᠨ | ᠬᠠᠯᠳᠠᠪᠤᠷᠢᠯᠠᠬᠤ ᠶᠢ ᠰᠡᠷᠭᠡᠶᠢᠯᠡᠨ᠎ᠡ᠃ ᠰᠦᠰᠦᠨ ᠤ ᠴᠢᠯᠠᠭᠤᠯᠢᠭ ᠠᠯᠺᠦᠤᠯ ᠢ ᠪᠠᠭᠤᠷᠠᠭᠤᠯᠤᠨ᠎ᠠ᠃ ᠦᠮᠠᠨ | ᠡᠪᠡᠳᠴᠢᠨ ᠢ ᠰᠡᠷᠭᠡᠶᠢᠯᠡᠳᠡᠭ᠃ ᠼᠤᠦ ᠳᠤ ᠳᠡᠪᠲᠦᠭᠡᠭᠰᠡᠨ ᠰᠠᠷᠢᠮᠰᠠᠭ ᠤᠨ ᠠᠰᠢᠭ ᠦᠭᠡᠢ ᠲᠠᠯ᠎ᠠ᠄ ᠬᠦᠮᠦᠰ | ᠼᠤᠦ ᠳᠤ ᠰᠠᠷᠢᠮᠰᠠᠭ ᠳᠡᠪᠲᠦᠭᠡᠬᠦ ᠳᠡᠭᠡᠨ ᠳᠠᠪᠤᠰᠤ ᠠᠷᠪᠢᠨ ᠬᠢᠳᠡᠭ᠂ ᠲᠡᠷᠡᠴᠢᠯᠡᠨ ᠼᠤᠦ ᠳᠤ ᠳᠡᠪᠲᠦᠭᠡᠭᠰᠡᠨ | ᠰᠠᠷᠢᠮᠰᠠᠭ ᠢᠶᠠᠨ ᠳᠠᠪᠤᠰᠤᠯᠠᠭᠰᠠᠨ ᠨᠤᠭᠤᠭ᠎ᠠ ᠪᠤᠯᠭᠠᠨ ᠡᠳᠦᠷ ᠪᠦᠷᠢ ᠬᠡᠳᠦ ᠤᠯᠠᠨ ᠢᠳᠡᠳᠡᠭ᠃ ᠢᠩᠭᠢᠵᠦ ᠢᠳᠡᠬᠦ ᠨᠢ | ᠰᠢᠨᠵᠢᠯᠡᠬᠦ ᠤᠬᠠᠭᠠᠨᠴᠢ ᠪᠢᠰᠢ ᠪᠠᠶᠢᠵᠤ᠂ ᠪᠡᠶ᠎ᠡ ᠮᠠᠬᠠᠪᠤᠳ ᠢ ᠭᠡᠮᠲᠦᠭᠡᠵᠦ ᠮᠡᠳᠡᠨ᠎ᠡ᠃ ᠰᠠᠷᠢᠮᠰᠠᠭ ᠪᠤᠯ ᠭᠤᠱᠤᠭᠤᠨ | ᠴᠢᠨᠠᠷ ᠲᠠᠢ ᠢᠳᠡᠭᠡᠨ ᠶᠤᠮ᠂ ᠬᠡᠲᠦᠷᠬᠡᠢ ᠠᠷᠪᠢᠨ ᠢᠳᠡᠬᠦ ᠨᠢ ᠬᠤᠳᠤᠭᠤᠳᠤ ᠶᠢ ᠡᠪ ᠦᠭᠡᠢ ᠪᠠᠶᠢᠳᠠᠯ ᠳᠤ | ᠤᠷᠤᠭᠤᠯᠳᠠᠭ᠃ ᠦᠯᠦᠨ ᠢᠶᠠᠷ ᠠᠷᠪᠢᠨ ᠢᠳᠡᠪᠡᠯ ᠨᠢᠳᠦᠨ ᠳᠤ ᠰᠡᠳᠦᠯᠲᠡ ᠦᠭᠬᠦ ᠪᠠᠷ ᠪᠠᠷᠠᠬᠤ ᠦᠭᠡᠢ ᠸᠢᠲ᠋ᠠᠮᠢᠨ | b ᠶᠢᠨ ᠰᠢᠩᠭᠡᠭᠡᠯᠲᠡ ᠶᠢ ᠨᠦᠯᠦᠭᠡᠯᠡᠳᠡᠭ᠃ | ᠠᠩᠬᠠᠷᠤᠭᠤᠰᠢᠲᠠᠢ ᠵᠦᠢᠯ᠄ 1. ᠴᠢᠰᠤᠨ ᠳᠠᠷᠤᠯᠲᠠ ᠦᠨᠳᠦᠷ ᠡᠪᠡᠳᠴᠢᠲᠡᠨ ᠳᠤ ᠲᠤᠰᠠᠯᠠᠬᠤ ᠦᠢᠯᠡᠳᠦᠯ | ᠦᠵᠡᠭᠦᠯᠳᠡᠭ᠂ ᠭᠡᠪᠡᠴᠦ ᠨᠠᠶᠢᠳᠠᠨ ᠲᠦᠰᠢᠭᠯᠡᠵᠦ ᠪᠤᠯᠬᠤ ᠦᠭᠡᠢ᠃ 2. ᠼᠤᠦ ᠪᠠᠨ ᠪᠤᠴᠠᠯᠭᠠᠵᠤ ᠪᠤᠯᠬᠤ ᠦᠭᠡᠢ᠂ | ᠪᠤᠴᠠᠯᠭᠠᠪᠠᠯ ᠦᠢᠯᠡᠳᠦᠯ ᠨᠢ ᠪᠠᠭᠤᠷᠠᠳᠠᠭ᠃ 3. ᠼᠤᠦ ᠳᠤ ᠳᠡᠪᠲᠦᠭᠡᠭᠰᠡᠨ ᠰᠠᠷᠢᠮᠰᠠᠭ ᠢ ᠤᠷᠲᠤ ᠬᠤᠭᠤᠴᠠᠭ᠎ᠠ ᠪᠠᠷ | ᠢᠳᠡᠵᠦ ᠪᠤᠯᠤᠨ᠎ᠠ᠂ ᠭᠡᠪᠡᠴᠦ ᠡᠳᠦᠷ ᠪᠦᠷᠢ ᠬᠡᠲᠤ ᠠᠷᠪᠢᠨ ᠢᠳᠡᠵᠦ ᠪᠤᠯᠬᠤ ᠦᠭᠡᠢ᠂ ᠨᠢᠭᠡ ᠠᠴᠠ ᠬᠤᠶᠠᠷ ᠢᠳᠡᠪᠡᠯ | ᠪᠤᠯᠴᠢᠬᠠᠨ᠎ᠠ᠃ ᠰᠤᠩᠭᠢᠨ᠎ᠠ ᠰᠠᠷᠢᠮᠰᠠᠭ ᠤᠨ ᠴᠡᠭᠡᠷ ᠬᠢᠭᠡᠳ ᠵᠠᠰᠠᠯ ᠰᠤᠩᠬᠢᠨ᠎ᠡ ᠰᠠᠷᠢᠮᠰᠠᠭ ᠢ ᠭᠠᠯ ᠳᠤ ᠬᠢᠬᠦ ᠶᠢ | ᠴᠡᠭᠡᠷᠯᠡᠨ᠎ᠡ᠃ ᠨᠢᠳᠦᠨ ᠤ ᠡᠪᠡᠳᠴᠢᠲᠡᠨ ᠰᠠᠷᠢᠮᠰᠠᠭ ᠢᠳᠡᠬᠦ ᠶᠢ ᠴᠡᠭᠡᠷᠯᠡᠨ᠎ᠡ᠃ ᠭᠠᠭᠴᠠ ᠲᠤᠯᠤᠭᠠᠶᠢᠲᠤ | ᠰᠠᠷᠢᠮᠰᠠᠭ ᠤᠨ ᠰᠦᠮᠦᠰᠦ ᠶᠢ ᠬᠠᠮᠠᠷ ᠲᠠᠭᠠᠨ ᠳᠤᠰᠤᠭᠠᠪᠠᠯ ᠲᠤᠯᠤᠭᠠᠢ ᠡᠪᠡᠳᠬᠦ ᠶᠢ ᠵᠤᠭᠰᠤᠭᠠᠨ᠎ᠠ᠃ ᠰᠠᠷᠢᠮᠰᠠᠭ ᠢ | ᠬᠡᠷᠴᠢᠭᠡᠳ ᠴᠠᠢ ᠪᠠᠷ ᠳᠠᠷᠤᠭᠤᠯᠵᠤ ᠤᠤᠭᠤᠪᠠᠯ ᠲᠤᠯᠤᠭᠠᠢ ᠡᠪᠡᠳᠬᠦ ᠶᠢ ᠨᠠᠮᠳᠠᠭᠠᠨ᠎ᠠ᠃ | |