ᠪᠦᠬᠦ ᠨᠡᠶᠢᠬᠡᠮ ᠲᠠᠶᠠᠭᠠᠷ ᠤᠨ ᠠᠩᠬᠠᠷᠤᠯ ᠢ ᠳᠠᠳᠠᠬᠰᠠᠨ ᠴᠠᠬᠢᠯᠭᠠᠨ ᠬᠤᠯᠪᠤᠭ᠎ᠠ ᠰᠦᠯᠵᠢᠶᠡᠨ ᠤ ᠮᠡᠬᠡᠯᠡᠯ ᠤᠨ | ᠶᠠᠯᠠᠳᠤ ᠠᠵᠢᠯᠯᠠᠭ᠎ᠠ ᠳᠤ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠨ ᠴᠢᠩᠭ᠎ᠠ ᠬᠦᠴᠦᠳᠡᠢ ᠴᠤᠬᠢᠯᠳᠠ | ᠦᠭᠴᠦ ᠪᠠᠶᠢᠭ᠎ᠠ ᠴᠦ ᠬᠡᠰᠡᠨ ᠲᠤᠰ ᠲᠦᠷᠦᠯ ᠤᠨ ᠮᠡᠬᠡᠯᠡᠯ ᠮᠦᠨ ᠬᠦ ᠪᠠᠶᠢᠨ ᠲᠠᠬᠢᠨ ᠡᠬᠦᠰᠴᠦ ᠯᠡ ᠪᠠᠶᠢᠨ᠎ᠠ᠃ | ᠡᠬᠦᠨ ᠳᠤ ᠴᠠᠬᠢᠯᠭᠠᠨ ᠬᠤᠯᠪᠤᠭ᠎ᠠ ᠰᠦᠯᠵᠢᠶᠡᠨ ᠤ ᠮᠡᠬᠡᠯᠡᠯ ᠤᠨ ᠭᠤᠤᠯ ᠮᠡᠬᠡᠯᠡᠭᠴᠢᠳ ᠠᠴᠠ ᠭᠠᠳᠠᠨ᠎ᠠ ᠪᠠᠰᠠ | ᠲᠡᠳᠡᠨ ᠤ ︽ᠪᠠᠭᠠᠵᠢ︾ ᠪᠤᠯᠤᠬᠰᠠᠳ ᠴᠦ ᠪᠠᠭ᠎ᠠ ᠪᠤᠰᠤ ᠦᠢᠯᠡᠳᠦᠯ ᠦᠵᠡᠬᠦᠯᠵᠦ ᠪᠤᠢ᠃ ᠶᠠᠭᠤ ᠶᠢ ᠴᠠᠬᠢᠯᠭᠠᠨ | ᠬᠤᠯᠪᠤᠭ᠎ᠠ ᠰᠦᠯᠵᠢᠶᠡᠨ ᠤ ᠮᠡᠬᠡᠯᠡᠯ ᠤᠨ ︽ᠪᠠᠭᠠᠵᠢ︾ ᠬᠡᠬᠦ ᠪᠤᠢ︖ ᠴᠠᠬᠢᠯᠭᠠᠨ ᠬᠤᠯᠪᠤᠭ᠎ᠠ ᠰᠦᠯᠵᠢᠶᠡᠨ ᠤ | ᠮᠡᠬᠡᠯᠡᠯ ᠤᠨ ᠶᠠᠯᠠᠳᠤ ᠠᠵᠢᠯᠯᠠᠭ᠎ᠠ ᠳᠤ ᠵᠠᠷᠢᠮ ᠬᠦᠮᠦᠨ ᠲᠤᠯᠤᠭᠠᠢ ᠦᠨᠳᠡᠶᠢᠯ ᠦᠬᠡᠢ ᠪᠠᠰᠢᠷ ᠮᠡᠭᠡ ᠭᠠᠷᠭᠠᠵᠦ᠂ | ᠪᠤᠰᠤᠳ ᠢ ᠮᠡᠬᠡᠯᠡᠬᠦ ᠪᠠᠷ ᠪᠡᠯᠡᠳᠬᠡᠨ᠎ᠡ︔ ᠵᠠᠷᠢᠮ ᠨᠢ ᠠᠮᠠ ᠬᠠᠮᠬᠢᠯ ᠦᠬᠡᠢ ᠤᠳᠠᠰᠤᠳᠠᠨ ᠬᠦᠮᠦᠰ ᠢ ᠮᠡᠬᠡᠯᠡᠯ ᠤᠨ ︽ | ᠤᠨᠠᠭᠤᠯᠢ︾ ᠳᠡᠶᠢᠰᠢ ᠳᠠᠳᠠᠨ᠎ᠠ︔ ᠪᠠᠰᠠ ᠵᠠᠷᠢᠮ ᠨᠢ ᠭᠤᠶᠤ ᠬᠡᠦᠬᠡᠨ ᠢᠶᠠᠷ ᠤᠪᠯᠠᠨ ᠵᠤᠭᠤᠬ ᠳᠡᠯᠭᠡᠵᠦ ᠮᠡᠬᠡᠯᠡᠯ | ᠶᠠᠪᠤᠭᠤᠯᠤᠨ᠎ᠠ ᠁ | ᠡᠳᠡᠬᠡᠷ ᠴᠠᠬᠢᠯᠭᠠᠨ ᠬᠤᠯᠪᠤᠭ᠎ᠠ ᠰᠦᠯᠵᠢᠶᠡᠨ ᠤ ᠮᠡᠬᠡᠯᠡᠯ ᠤᠨ ︽ᠪᠠᠭᠠᠵᠢ︾ ᠪᠤᠯᠤᠬᠰᠠᠳ ᠤᠨ ᠠᠵᠢᠯ ᠤᠨ | ᠬᠤᠪᠢᠶᠠᠷᠢᠯᠠᠯ ᠨᠢ ᠲᠤᠳᠤᠷᠬᠠᠢ᠂ ᠵᠤᠬᠢᠶᠠᠨ ᠪᠠᠶᠢᠭᠤᠯᠤᠯᠳᠠ ᠨᠢ ᠨᠢᠭᠲᠠ ᠴᠢᠩᠭ᠎ᠠ ᠪᠠᠶᠢᠳᠠᠭ᠃ ᠡᠳᠡᠬᠡᠷ ᠮᠡᠬᠡᠯᠡᠯ ᠤᠨ | ︽ᠪᠠᠭᠠᠵᠢ︾ ᠪᠤᠯᠤᠬᠰᠡᠳ ᠠᠴᠠ ᠭᠠᠳᠠᠨ᠎ᠠ᠂ ᠪᠠᠰᠠ ᠬᠡᠳᠦᠨ ᠵᠠᠭᠤᠨ ᠲᠥᠭᠦᠷᠢᠭ ᠤᠨ ᠲᠥᠯᠥᠭᠡ ᠥᠪᠡᠷ ᠤᠨ | ᠪᠠᠩᠬᠢ ᠶᠢᠨ ᠺᠠᠷᠲ᠂ ᠭᠠᠷ ᠤᠲᠠᠰᠤᠨ ᠤ ᠺᠠᠷᠲ ᠪᠤᠶᠤ ᠵᠢᠷᠬᠢᠶ᠎ᠡ᠂ QQ ᠶᠢᠨ ᠨᠣᠮᠧᠷ ᠢᠶᠠᠨ ᠲᠦᠷᠢᠶᠡᠰᠦᠯᠡᠨ | ᠬᠤᠳᠠᠯᠳᠤᠬᠤ᠂ ᠲᠤᠰᠢᠶᠠᠯ ᠬᠠᠪᠰᠤᠷᠭᠠᠬᠤ ᠠᠵᠢᠯ ᠬᠢᠵᠦ᠂ ᠵᠢᠵᠢᠭ ᠪᠡᠯᠡᠭ ᠬᠦᠷᠭᠡᠬᠦ ᠪᠠᠷ ᠥᠭᠶᠥᠭᠡ ᠪᠣᠯᠭᠠᠨ | ᠬᠥᠮᠥᠰ ᠢ ᠲᠠᠲᠠᠬᠤ᠂ ᠭᠠᠷ ᠤᠳᠠᠰᠤᠨ ᠤ ᠲᠤᠬᠠᠢ ᠮᠡᠷᠭᠡᠵᠢᠯ ᠤᠨ ᠦᠢᠯᠡᠴᠢᠯᠡᠭᠡ ᠬᠠᠩᠭᠠᠬᠤ ᠵᠡᠷᠭᠡ ᠨᠢᠭᠡ ᠪᠦᠯᠦᠭ | ᠬᠥᠮᠥᠰ ᠮᠥᠨ ᠴᠢᠨᠠᠷ ᠤᠨ ᠮᠡᠬᠡᠯᠡᠯ ᠤᠨ ᠭᠤᠭᠴᠤᠭ᠎ᠠ ᠳᠤ ᠰᠢᠭᠤᠳ ᠣᠷᠣᠯᠴᠠᠭᠰᠠᠨ ᠦᠭᠡᠢ ᠪᠤᠯᠪᠠᠴᠦ ᠴᠠᠬᠢᠯᠭᠠᠨ | ᠬᠤᠯᠪᠤᠭ᠎ᠠ ᠰᠦᠯᠵᠢᠶᠡᠨ ᠤ ᠮᠡᠬᠡᠯᠡᠯ ᠤᠨ ᠮᠡᠬᠡᠯᠡᠭᠴᠢᠳ ᠲᠤ ᠳᠠᠮ ᠢᠶᠠᠷ ᠬᠠᠪᠰᠤᠷᠤᠮᠵᠢ ᠬᠠᠩᠭᠠᠵᠤ᠂ ᠮᠦᠨ ᠬᠦ | ᠮᠡᠬᠡᠯᠡᠭᠴᠢ ᠶᠢᠨ ︽ᠪᠠᠭᠠᠵᠢ︾ ᠪᠤᠯᠳᠠᠭ᠃ ᠤᠶᠢᠷ᠎ᠠ ᠶᠢᠨ ᠵᠢᠯ ᠠᠴᠠ ᠨᠠᠭᠠᠰᠢ᠂ ᠬᠢᠯᠢ ᠶᠢᠨ ᠭᠠᠳᠠᠨᠠᠬᠢ ᠮᠡᠬᠡᠯᠡᠭᠴᠢᠳ | ︽ᠦᠨᠳᠦᠷ ᠴᠠᠯᠢᠩ ᠢᠶᠠᠷ ᠠᠵᠢᠯᠳᠡᠨ ᠡᠯᠰᠡᠬᠦ︾ ᠨᠡᠷ᠎ᠡ ᠪᠠᠷ ᠮᠡᠬᠡᠯᠡᠯ ᠤᠨ ︽ᠪᠠᠭᠠᠵᠢ︾ ᠡᠷᠢᠵᠦ ᠪᠤᠢ᠃ | ᠵᠠᠷᠢᠮ ᠬᠦᠮᠦᠰ ᠤᠬᠤᠷᠬᠠᠨ ᠬᠤᠭᠤᠴᠠᠭᠠᠨ ᠳᠤ ᠶᠡᠭᠡ ᠵᠤᠭᠤᠰ ᠤᠯᠬᠤ ᠪᠤᠳᠤᠯ ᠢ ᠡᠪᠦᠷᠯᠡᠨ ᠮᠡᠬᠡᠯᠡᠭᠴᠢ ᠳᠤ | ᠲᠠᠳᠠᠬᠳᠠᠨ᠂ ᠵᠠᠷᠢᠮ ᠨᠢ ᠡᠨᠡ ᠠᠵᠢᠯ ᠨᠢ ᠲᠦᠪ ᠪᠤᠰᠤ ᠬᠡᠳᠡᠭ ᠢ ᠮᠡᠳᠡᠵᠦ ᠪᠠᠶᠢᠬᠰᠠᠨ ᠴᠦ ᠠᠮᠠᠷᠬᠠᠨ ᠵᠤᠭᠤᠰ | ᠤᠯᠬᠤ ᠶᠢᠨ ᠲᠤᠯᠠᠳᠠ ᠮᠡᠬᠡᠯᠡᠭᠴᠢᠳ ᠤᠨ ︽ᠪᠠᠭᠠᠵᠢ︾ ᠪᠤᠯᠳᠠᠬ᠃ ᠴᠠᠬᠢᠯᠭᠠᠨ ᠬᠤᠯᠪᠤᠭ᠎ᠠ ᠰᠦᠯᠵᠢᠶᠡᠨ ᠤ | ᠮᠡᠬᠡᠯᠡᠯ ᠤᠨ ︽ᠪᠠᠭᠠᠵᠢ︾ ᠪᠤᠯᠤᠬᠰᠠᠳ ᠬᠦᠬᠡᠷᠦᠬᠦ᠋ᠯᠡᠯᠳᠡᠢ ᠪᠦᠬᠡᠳ ᠭᠤᠨᠢᠬᠯᠠᠯᠳᠠᠢ ᠶᠤᠮ᠃ ᠳᠡᠳᠡᠨᠡᠷ ᠦᠨᠡᠨ ᠳᠡᠭᠡᠨ | ᠬᠠᠮᠤᠬ ᠤᠨ ᠪᠠᠭ᠎ᠠ ᠵᠤᠭᠤᠰ ᠤᠯᠵᠤ᠂ ᠬᠠᠮᠤᠬ ᠤᠨ ᠮᠠᠭᠤ ᠨᠡᠷ᠎ᠡ ᠶᠢ ᠵᠡᠬᠦᠵᠦ᠂ ᠦᠪᠡᠷ ᠪᠤᠰᠤᠳ ᠢ ᠬᠤᠤᠷᠯᠠᠳᠠᠬ᠃ | ᠮᠡᠬᠡᠯᠡᠭᠴᠢᠳ ︽ᠪᠠᠭᠠᠵᠢ︾ ᠬᠡᠷᠡᠭᠯᠡᠵᠦ ᠪᠠᠶᠢᠭ᠎ᠠ ᠨᠢ ᠳᠡᠳᠡᠨ ᠢ ᠠᠰᠢᠬᠯᠠᠨ ᠦᠪᠡᠰᠦᠪᠠᠨ ᠶᠡᠭᠡ ᠵᠤᠭᠤᠰ ᠤᠯᠬᠤ ᠶᠢ | ᠪᠤᠳᠤᠵᠦ ᠪᠠᠶᠢᠭ᠎ᠠ ᠪᠦᠭᠡᠳ ᠬᠡᠷᠡᠭ ᠡᠭᠦᠰᠬᠦ ᠠᠶᠤᠯ ᠲᠦᠭᠰᠢᠬᠦᠷᠢ ᠪᠠᠨ ᠪᠠᠭᠤᠷᠠᠭᠤᠯᠬᠤ ᠪᠤᠶᠦ ᠵᠠᠶᠢᠯᠠᠭᠤᠯᠵᠦ ᠪᠠᠶᠢᠭ᠎ᠠ | ᠶᠠᠪᠤᠳᠠᠯ ᠳᠡᠳᠦᠢ ᠶᠤᠮ᠃ ᠰᠦᠯᠵᠢᠶᠡᠨ ᠳᠡᠭᠡᠷᠡᠬᠢ ᠮᠡᠳᠡᠭᠡ ᠵᠠᠩᠭᠢ ᠡᠮᠬᠢ ᠵᠠᠮᠪᠠᠷᠠᠭ᠎ᠠ ᠦᠭᠡᠢ᠂ ᠦᠳᠦᠭᠡᠭᠳᠡᠨ | ᠲᠠᠳᠠᠬᠳᠠᠬᠤ ᠵᠦᠢᠯ ᠮᠠᠰᠢ ᠤᠯᠠᠨ᠂ ᠪᠢᠳᠡ ᠡᠷᠬᠡᠪᠰᠢ ᠬᠢᠴᠢᠶᠡᠨ ᠪᠣᠯᠭᠤᠮᠵᠢᠯᠠᠵᠤ᠂ ᠨᠠᠷᠢᠨ ᠬᠢᠨᠠᠮᠠᠭᠠᠢ ᠢᠯᠭᠠᠨ | ᠲᠣᠳᠣᠯᠠᠵᠤ᠂ ᠵᠤᠷᠢᠬᠳᠠᠢ ᠪᠠᠷ ᠢᠯᠡᠴᠢᠯᠡᠨ ᠮᠡᠳᠡᠬᠦᠯᠵᠦ᠂ ᠴᠠᠬᠢᠯᠭᠠᠨ ᠬᠤᠯᠪᠤᠭ᠎ᠠ ᠰᠦᠯᠵᠢᠶᠡᠨ ᠤ ᠮᠡᠬᠡᠯᠡᠯ ᠳᠤ | ᠴᠢᠩᠭ᠎ᠠ ᠴᠤᠬᠢᠯᠳᠠ ᠦᠭᠬᠦ ᠴᠢᠬᠤᠯᠠᠳᠠᠢ᠃ | ᠴᠠᠬᠢᠯᠭᠠᠨ ᠬᠤᠯᠪᠤᠭ᠎ᠠ ᠰᠦᠯᠵᠢᠶᠡᠨ ᠤ ᠮᠡᠬᠡᠯᠡᠯ ᠳᠤ ᠴᠣᠬᠢᠯᠲᠠ ᠥᠭᠬᠦ ᠳᠤ ᠬᠦᠮᠦᠨ ᠪᠦᠬᠦᠨ | ᠬᠠᠷᠢᠭᠤᠴᠠᠯᠭ᠎ᠠ ᠲᠠᠢ᠃ ᠪᠦᠬᠦ ᠠᠷᠠᠳ ᠲᠤ ᠮᠡᠬᠡᠯᠡᠯ ᠢ ᠰᠡᠷᠭᠡᠶᠢᠯᠡᠬᠦ ᠤᠬᠠᠭᠤᠯᠭ᠎ᠠ ᠬᠦᠮᠦᠵᠢᠯ ᠤᠨ ᠠᠵᠢᠯ ᠢ ᠰᠠᠶᠢᠳᠤᠷ | ᠬᠢᠵᠦ᠂ ᠬᠡᠦᠬᠡᠳ ᠪᠠᠭᠠᠴᠤᠳ᠂ ᠤᠶᠤᠳᠠᠨ᠂ ᠦᠳᠡᠭᠦᠰ ᠨᠠᠰᠤᠳᠠᠨ ᠵᠡᠷᠬᠡ ᠭᠤᠤᠯᠳᠠᠯᠭ᠎ᠠ ᠲᠠᠢ ᠬᠦᠮᠦᠰ ᠲᠤ | ᠠᠩᠬᠠᠷᠤᠯ ᠢᠶᠠᠨ ᠬᠠᠨᠳᠤᠭᠤᠯᠤᠨ᠂ ᠢᠳᠡᠪᠬᠢᠳᠡᠢ ᠪᠠᠷ ᠬᠡᠷᠡᠭ ᠢᠶᠠᠷ ᠬᠠᠤᠯᠢ ᠶᠢ ᠲᠠᠶᠢᠯᠪᠤᠷᠢᠯᠠᠨ᠂ ᠬᠡᠷᠡᠭ ᠢᠶᠠᠷ | ᠬᠠᠤᠯᠢ ᠶᠢ ᠲᠦᠬᠡᠮᠡᠯᠵᠢᠬᠦᠯᠦᠨ᠂ ᠨᠡᠩ ᠤᠯᠠᠨ ᠬᠦᠮᠦᠨ ᠳᠤ ᠬᠠᠤᠯᠢᠵᠢᠯ ᠤᠨ ᠤᠶᠢᠯᠠᠭᠠᠬᠳᠠᠬᠤᠨ ᠢᠶᠠᠨ | ᠴᠢᠩᠭᠠᠳᠬᠠᠬᠤ ᠶᠢ ᠰᠠᠨᠠᠭᠤᠯᠤᠨ᠂ ᠦᠵᠡᠯ ᠤᠬᠠᠮᠰᠠᠷ ᠢᠶᠠᠨ ᠲᠡᠭᠡᠭᠰᠢᠯᠡᠬᠦᠯᠬᠦ ᠨᠢ ᠳᠤᠩ ᠴᠢᠬᠤᠯᠠ᠃ |