ᠴᠡᠴᠡᠭ ᠤᠨ ᠳᠤᠭᠤᠰᠤ ᠶᠢ ᠬᠡᠷᠬᠢᠨ ᠰᠡᠷᠬᠡᠶᠢᠯᠡᠬᠦ ᠪᠤᠢ
ᠨᠡᠶᠢᠲᠡᠯᠡᠭᠰᠡᠨ ᠴᠠᠭ᠄
2024/9/5
      ᠤᠳᠤᠬᠠᠨ ᠳᠤ ᠴᠡᠴᠡᠭ ᠤᠨ ᠳᠤᠭᠤᠰᠤᠨ ᠳᠤ ᠬᠠᠷᠰᠢᠬᠤ ᠬᠦᠮᠦᠰ ᠤᠯᠠᠮ ᠤᠯᠠᠰᠢᠷᠠᠵᠤ᠂ ᠨᠢᠷᠠᠢ ᠨᠢᠯᠬ᠎ᠠ‌ᠡᠴᠠ ᠨᠠᠰᠤᠳᠠᠢ ᠪᠤᠭᠤᠷᠤᠯ ᠬᠦᠷᠳᠡᠯ᠎ᠡ ᠬᠠᠷᠰᠢᠬᠤ ᠪᠠᠶᠢᠳᠠᠯ ᠢᠯᠡᠷᠡᠵᠤ ᠪᠤᠢ᠃ ᠳᠡᠬᠡᠪᠡᠯ ᠴᠡᠴᠡᠭ ᠤᠨ ᠳᠤᠭᠤᠰᠤ ᠵᠢ‌‍ᠬᠡᠷᠬᠢᠨ ᠰᠡᠷᠬᠡᠶᠢᠯᠡᠪᠡᠯ ᠵᠤᠬᠢᠬᠤ ᠳᠤᠬᠠᠢ ᠡᠮᠴᠢ ᠶᠢᠨ ᠰᠠᠨᠠᠭᠤᠯᠭ᠎ᠠ ᠶᠢ ᠰᠡᠶᠢᠷᠡᠬᠦᠯᠦᠨ ᠬᠦᠷᠬᠡᠶ᠎ᠡ᠃            1. ᠬᠤᠸᠠᠷ ᠴᠡᠴᠡᠭ ᠲᠠᠢ ᠰᠢᠭᠤᠳ ᠦᠢᠷᠠᠳᠤᠬᠤ ᠦᠬᠡᠢ᠃ ᠭᠠᠳᠠᠭᠰᠢ ᠭᠠᠷᠬᠤ ᠪᠠᠨ ᠴᠦᠬᠡᠳᠬᠡᠵᠤ᠂ᠤᠨᠴᠠᠭᠠᠶᠢᠯᠠᠨ ᠴᠡᠴᠡᠭ ᠤᠨ ᠳᠤᠭᠤᠰᠤ ᠶᠡᠬᠡᠳᠡᠢ ᠦᠶᠡᠰ᠂ ᠡᠬᠦᠳᠡ ᠴᠤᠩᠬᠤ ᠪᠠᠨ ᠪᠢᠳᠡᠬᠦᠯᠡᠵᠤ᠂ ᠴᠢᠳᠠᠪᠠᠯ ᠬᠡᠷ‌‍ᠲ᠋ᠤᠳᠤᠷ᠎ᠠ ᠪᠠᠨ ᠠᠭᠠᠷ ᠴᠡᠪᠡᠷᠰᠢᠬᠦᠯᠦᠭᠴᠢ ᠬᠡᠷᠡᠭᠯᠡᠨ᠎ᠡ᠃             2. ᠭᠠᠳᠠᠭᠰᠢ ᠭᠠᠷᠪᠠᠯ ᠰᠡᠷᠬᠡᠶᠢᠯᠡᠯᠳᠡ ᠪᠠᠨ ᠰᠠᠶᠢᠳᠤᠷ ᠬᠢᠨ᠎ᠡ᠃ ᠭᠠᠳᠠᠭᠰᠢ ᠭᠠᠷᠬᠤ ᠳᠠᠭᠠᠨ ᠤᠷᠳᠤ‌ᠬᠠᠨᠴᠤᠢ ᠲᠠᠢ ᠬᠤᠪᠴᠠᠰᠤ ᠡᠮᠦᠰᠴᠤ᠂ ᠠᠮᠠᠪᠴᠢ᠂ ᠨᠢᠳᠤᠨ ᠰᠢᠯ ᠵᠡᠬᠦᠵᠤ᠂ ᠮᠠᠰᠢᠨ ᠪᠠᠷᠢᠬᠤ ᠳᠠᠭᠠᠨ ᠴᠤᠩᠬᠤ ᠪᠠᠨ‌ᠬᠠᠭᠠᠨ᠎ᠠ᠃ ᠬᠡᠷ ᠲᠡᠭᠡᠨ ᠬᠠᠷᠢᠭᠰᠠᠨ ᠤ ᠳᠠᠷᠠᠭ᠎ᠠ ᠭᠠᠳᠠᠷ ᠬᠤᠪᠴᠠᠰᠤ ᠪᠠᠨ ᠳᠠᠷᠤᠶᠢᠬᠠᠨ ᠰᠤᠯᠢᠵᠤ᠂ ᠨᠢᠭᠤᠷ ᠵᠶ᠋ᠠᠨ‌ᠤᠬᠢᠶᠠᠵᠤ᠂ ᠠᠮᠠ ᠬᠠᠮᠠᠷ ᠢᠶᠠᠨ ᠵᠠᠶᠢᠯᠤᠨ᠎ᠠ᠃             3. ᠳᠠᠷᠬᠠᠯᠠᠭ᠎ᠠ ᠪᠠᠨ ᠰᠠᠶᠢᠵᠢᠷᠠᠭᠤᠯᠤᠨ᠎ᠠ᠃ ᠡᠬᠦᠨ ᠳᠤ ᠰᠠᠶᠢᠨ ᠤᠨᠳᠠᠵᠤ ᠠᠮᠠᠷᠠᠨ᠂ ᠢᠳᠡᠬᠡᠨ ᠤᠮᠳᠠᠭᠠᠨ  ᠢᠶᠠᠨ ᠵᠤᠬᠢᠴᠠᠭᠤᠯᠵᠤ᠂ ᠰᠢᠨ᠎ᠡ ᠰᠤᠷᠭᠤᠭ ᠨᠤᠭᠤᠭ᠎ᠠ ᠵᠢᠮᠢᠰ ᠢᠯᠡᠬᠦᠬᠡᠨ ᠢᠳᠡᠵᠤ᠂ ᠳᠤᠭᠳᠠᠭᠰᠠᠨ ᠬᠤᠭᠤᠴᠠᠭ᠎ᠠ ᠲᠠᠢ‌‍ᠪᠡᠶ᠎ᠡ ᠪᠠᠨ ᠪᠤᠯᠪᠠᠰᠤᠷᠠᠭᠤᠯᠤᠨ᠎ᠠ᠃      4. ᠬᠠᠷᠰᠢᠯ ᠬᠦᠨᠳᠤᠷᠡᠪᠡᠯ ᠳᠠᠷᠤᠶᠢᠬᠠᠨ ᠡᠮᠴᠢᠯᠡᠬᠦᠯᠬᠦ ᠬᠡᠷᠡᠭᠳᠡᠢ᠃ ᠠᠮᠠᠷᠬᠠᠨ ᠬᠠᠷᠰᠢᠳᠠᠭ ᠪᠠ ᠠᠭᠰᠠᠭ᠎ᠠ‌ᠡᠪᠡᠳᠴᠢᠨ ᠲᠠᠢ ᠬᠦᠮᠦᠰ ᠬᠤᠪᠴᠠᠰᠤ ᠬᠤᠨᠠᠷ ᠢᠶᠠᠨ ᠳᠤᠬᠢᠷᠠᠭᠤᠯᠵᠤ᠂ ᠵᠢᠩᠬᠢᠨᠡᠵᠤ ᠳᠠᠭᠠᠷᠠᠭᠠᠳ ᠬᠢᠮᠤᠷᠠᠭ᠎ᠠ‌‍ᠲ᠋ᠠᠭᠰᠢᠭᠤᠷ ᠬᠦᠷᠬᠦ ᠠᠴᠠ ᠪᠤᠯᠭᠤᠮᠵᠢᠯᠠᠬᠤ ᠬᠡᠷᠡᠭᠳᠡᠢ᠃
 
ᠢᠷᠡᠯᠲᠡ᠄ ︽ᠦᠪᠦᠷ ᠮᠤᠩᠭᠤᠯ ᠤᠨ ᠡᠮᠡᠭᠳᠡᠶᠢᠴᠤᠳ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号