ᠦᠶᠡᠷ ᠤᠨ ᠭᠠᠮᠰᠢᠭ ᠢ ᠬᠡᠷᠬᠢᠨ ᠠᠷᠭᠠᠴᠠᠭᠠᠬᠤ ᠳᠤᠬᠠᠢ
ᠨᠡᠶᠢᠲᠡᠯᠡᠭᠰᠡᠨ ᠴᠠᠭ᠄
2024/9/5
     ᠦᠶᠡᠷ ᠤᠨ ᠭᠠᠮᠰᠢᠭ ᠳᠠᠭᠠᠷᠠᠯᠳᠤᠬᠤ ᠦᠶᠡᠰ‌ᠦᠢᠷ᠎ᠠ ᠬᠠᠪᠢ ᠶᠢᠨ ᠠᠮᠤᠷ ᠲᠦᠪᠰᠢᠨ ᠵᠠᠮ ᠢ ᠰᠤᠩᠭᠤᠵᠤ ᠬᠦᠳᠦᠯ ᠤᠨ ᠬᠦᠨᠳᠡᠯᠡᠨ ᠴᠢᠭᠯᠡᠯ ᠢ ᠳᠠᠭᠠᠵᠤ‌ᠠᠶᠤᠯ ᠠᠴᠠ ᠵᠠᠶᠢᠯᠠᠨ᠎ᠠ᠃            ᠠᠭᠤᠯᠠ ᠶᠢᠨ ᠬᠦᠳᠦᠯ ᠢᠶᠠᠷ ᠳᠤᠷᠤᠭᠰᠢ ᠪᠤᠶᠤ ᠠᠭᠤᠯᠠᠨ ᠤ ᠵᠢᠯᠠᠭ᠎ᠠ ᠶᠢ ᠳᠠᠭᠠᠵᠤ ᠳᠤᠤᠷᠠᠳᠤ ᠤᠷᠤᠰᠬᠠᠯ‌ᠵᠦ᠋ᠭ ᠶᠠᠪᠤᠵᠤ ᠪᠤᠯᠬᠤ ᠦᠬᠡᠢ᠃            ᠤᠰᠤᠨ ᠠᠴᠠ ᠬᠤᠯᠠ ᠪᠠᠶᠢᠵᠤ᠂ ᠠᠭᠤᠯᠠᠨ ᠤ ᠦᠶᠡᠷ ᠲᠤ ᠳᠠᠭᠤᠭᠳᠠᠬᠤ ᠠᠴᠠ ᠰᠷᠬᠡᠶᠢᠯᠡᠬᠡᠷᠡᠢ᠃            ᠬᠤᠳᠤᠭᠤᠷ ᠭᠠᠵᠠᠷ ᠪᠤᠶᠤ ᠮᠤᠳᠤᠨ ᠬᠡᠷ ᠲᠤ ᠬᠤᠷᠢᠭᠳᠠᠬᠤ ᠦᠶᠡᠰ‌‍ᠴᠢᠮᠡᠭᠡ ᠨᠡᠪᠳᠡᠷᠡᠬᠦᠯᠬᠡ ᠶᠢᠨ ᠪᠠᠭᠠᠵᠢ ᠶᠢ ᠠᠰᠢᠭᠯᠠᠨ ᠳᠤᠬᠠᠢ ᠶᠢᠨ ᠭᠠᠵᠠᠷ ᠤᠨ ᠦᠶᠡᠷ ᠢ ᠰᠡᠷᠬᠡᠶᠢᠯᠡᠬᠦ‌‍ᠰᠠᠯᠠᠭ᠎ᠠ ᠮᠦᠴᠢᠷ ᠲᠤ ᠠᠶᠤᠯ ᠳᠤ ᠳᠤᠯᠭᠠᠷᠠᠭᠰᠠᠨ ᠪᠠᠶᠢᠳᠠᠯ ᠢᠶᠠᠨ ᠮᠡᠳᠡᠬᠦᠯᠵᠤ᠂ ᠳᠤᠰᠠᠯᠠᠮᠵᠢ ᠬᠦᠰᠡᠨ᠎ᠡ᠃            ᠬᠤᠪᠴᠠᠰᠤ ᠬᠤᠨᠠᠷ ᠢᠶᠠᠨ ᠨᠠᠭᠠᠰᠢ ᠴᠠᠭᠠᠰᠢ ᠡᠷᠬᠢᠬᠦᠯᠦᠨ᠂ ᠠᠪᠤᠷᠠᠨ ᠳᠤᠰᠠᠯᠠᠬᠤ ᠬᠦᠮᠦᠰ ᠲᠤ ᠮᠡᠳᠡᠭᠳᠡᠨ᠎ᠡ᠃              ᠨᠦᠬᠦᠴᠡᠯ ᠲᠠᠢ ᠪᠠᠶᠢᠳᠠᠯ ᠳᠤᠤᠷ᠎ᠠ ᠤᠩᠭᠤᠴᠠ ᠰᠠᠯ᠂ ᠮᠤᠳᠤᠨ ᠰᠠᠯᠠᠭ᠎ᠠ᠂ ᠡᠬᠦᠳᠡᠨ ᠬᠠᠪᠳᠠᠰᠤ ᠵᠡᠷᠬᠡ‌‍ᠬᠦ᠋ᠪᠦᠮᠡᠯ ᠪᠤᠳᠠᠰ ᠢ ᠠᠰᠢᠭᠯᠠᠵᠤ ᠠᠶᠤᠯ ᠠᠴᠠ ᠵᠠᠶᠢᠯᠠᠵᠤ ᠪᠤᠯᠤᠨ᠎ᠠ᠃             ᠴᠠᠬᠢᠯᠭᠠᠨ ᠤᠳᠠᠰᠤ ᠤᠨᠵᠠᠶᠢᠬᠤ ᠪᠤᠶᠤ ᠳᠠᠰᠤᠷᠠᠬᠤ ᠦᠶᠡᠰ‌ᠦᠨᠳᠤᠷ ᠬᠦᠴᠦᠳᠡᠯᠳᠤ ᠴᠠᠬᠢᠯᠭᠠᠨ ᠤᠳᠠᠰᠤᠨ ᠪᠠᠭᠠᠨ᠎ᠠ ᠬᠠᠵᠠᠶᠢᠬᠤ᠂ ᠳᠠᠰᠤᠷᠠᠵᠤ ᠤᠨᠵᠠᠶᠢᠭᠰᠠᠨ ᠪᠠᠶᠢᠪᠠᠯ‌ᠬᠤᠯᠠ ᠵᠠᠶᠢᠯᠠᠵᠤ ᠳᠡᠮᠳᠡᠷᠡᠬᠦ ᠪᠤᠶᠤ ᠦᠢᠷᠠᠳᠴᠤ ᠪᠤᠯᠬᠤ ᠦᠬᠡᠢ᠃ ᠴᠠᠬᠢᠯᠭᠠᠨ ᠳᠤ ᠴᠤᠬᠢᠭᠳᠠᠬᠤ ᠠᠴᠠ ᠰᠡᠷᠬᠡᠶᠢᠯᠡᠬᠦ‌‍ᠬᠡᠷᠡᠭᠳᠡᠢ᠃            ᠮᠠᠰᠢᠨ ᠳᠡᠷᠬᠡ ᠵᠢᠯᠤᠭᠤᠳᠴᠤ ᠪᠠᠶᠢᠭᠠᠳ ᠬᠦᠨ ᠤᠰᠤᠨ ᠳᠤ ᠤᠷᠤᠪᠠᠯ ᠬᠡᠷᠬᠢᠨ ᠠᠮᠢ ᠵᠢᠭᠤᠳᠠᠬᠤ ᠪᠤᠢ‌ᠤᠰᠤ ᠳᠡᠷᠬᠡᠨ ᠤ ᠡᠬᠦᠳᠡᠨ ᠤ1/5 ᠶᠢᠨ ᠬᠡᠮᠵᠢᠶᠡᠨ ᠳᠤ ᠬᠦᠷᠦᠭᠰᠡᠨ ᠪᠠᠶᠢᠳᠠᠯ ᠳᠤ ᠳᠡᠷᠬᠡᠨ ᠳᠤᠳᠤᠷ᠎ᠠ ᠠᠷᠠᠢ ᠤᠰᠤ ᠤᠷᠤᠵᠤ ᠠᠮᠵᠢᠭ᠎ᠠ ᠦᠬᠡᠢ ᠳᠤᠯᠠ ᠡᠬᠦᠳᠡ ᠨᠢ ᠠᠮᠠᠷᠬᠠᠨ ᠨᠡᠬᠡᠭᠳᠡᠵᠤ ᠵᠢᠭᠤᠳᠠᠬᠤ ᠬᠠᠮᠤᠭ ᠤᠨ ᠰᠠᠶᠢᠨ ᠴᠠᠭ᠃            ᠤᠰᠤ ᠳᠡᠷᠬᠡᠨ ᠤ ᠡᠬᠦᠳᠡᠨ ᠤ 1/2 ᠶᠢᠨ ᠬᠡᠮᠵᠢᠶᠡᠨ ᠳᠤ ᠬᠦᠷᠦᠭᠰᠡᠨ ᠪᠠᠶᠢᠳᠠᠯ ᠳᠤ ᠭᠠᠳᠠᠨ᠎ᠠ ᠠᠴᠠ ᠦᠭᠬᠦ‌‍ᠲ᠋ᠠᠷᠤᠯᠳᠠ ᠨᠢ ᠳᠠᠰᠤᠷᠠᠯᠳᠠ ᠦᠬᠡᠢ ᠨᠡᠮᠡᠭᠳᠡᠵᠤ ᠳᠡᠷᠬᠡᠨ ᠤ ᠡᠬᠦᠳᠡ ᠶᠢ ᠬᠦᠴᠦᠳᠡᠢ ᠲᠦᠯᠬᠢᠬᠦ ᠦᠬᠡᠢ ᠪᠤᠯ‌ᠵᠢᠭᠤᠳᠠᠵᠤ ᠴᠢᠳᠠᠬᠤ ᠦᠬᠡᠢ᠃              ᠪᠦᠷᠢᠮᠦᠰᠦᠨ ᠵᠢᠪᠦᠭᠰᠡᠨ ᠪᠤᠯ ᠳᠡᠷᠬᠡᠨ ᠤ ᠡᠬᠦᠳᠡ ᠨᠡᠬᠡᠬᠡᠭᠳᠡᠬᠦ ᠪᠤᠯᠤᠮᠵᠢ ᠦᠬᠡᠢ ᠤᠴᠢᠷ ᠠᠴᠠ ᠴᠤᠩᠬᠤ‌‍ᠪᠠᠨ ᠬᠠᠭᠠᠯᠤᠭᠠᠳ ᠵᠢᠭᠤᠳᠠᠭᠠᠷᠠᠢ᠃
 
ᠢᠷᠡᠯᠲᠡ᠄ ︽ᠦᠪᠦᠷ ᠮᠤᠩᠭᠤᠯ ᠤᠨ ᠡᠮᠡᠭᠳᠡᠶᠢᠴᠤᠳ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号