ᠡᠯᠢᠭᠡ ᠦᠭᠡᠬᠦᠯᠡᠪᠡᠯ ᠶᠠᠭᠠᠬᠢᠬᠤ ᠪᠤᠢ
ᠨᠡᠶᠢᠲᠡᠯᠡᠭᠰᠡᠨ ᠴᠠᠭ᠄
2024/9/13
   ᠪᠡᠶ᠎ᠡ ᠪᠠᠨ ᠪᠠᠶᠢᠴᠠᠭᠠᠭᠠᠳ ᠡᠯᠢᠭᠡ ᠦᠭᠡᠬᠦᠯᠡᠭᠰᠡᠨ ᠭᠡᠬᠦ ᠤᠨᠤᠰᠢᠯᠠᠯᠲᠠ ᠲᠤᠰᠴᠠᠢ᠂ ᠬᠤᠶᠢᠰᠢᠳᠠ ᠠᠮᠢᠳᠤᠷᠠᠯ ᠳᠠᠭᠠᠨ ᠶᠠᠭᠤ ᠶᠢ ᠠᠩᠬᠠᠷᠬᠤ ᠵᠤᠬᠢᠰᠲᠠᠢ ᠪᠤᠢ︖    ᠪᠡᠭᠡᠵᠢᠩ ᠤᠨ ᠳ᠋ᠢ ᠲᠠᠨ ᠡᠮᠨᠡᠯᠭᠡ ᠶᠢᠨ ᠬᠤᠷᠢᠶᠠᠨ ᠤ ᠡᠯᠢᠭᠡᠨ ᠡᠪᠡᠳᠴᠢᠨ ᠤ ᠲᠥᠪ ᠤᠨ ᠳᠡᠳ᠋ ᠡᠷᠬᠢᠯᠡᠭᠴᠢ ᠡᠮᠴᠢ ᠯᠢᠦ ᠷᠦ ᠢᠦᠢ᠄ ᠡᠯᠢᠭᠡ ᠥᠭᠡᠬᠦᠯᠡᠬᠦ ᠪᠣᠯ ᠡᠯ᠎ᠡ ᠵᠦᠢᠯ ᠤᠨ ᠰᠢᠯᠲᠠᠭᠠᠨ ᠠᠴᠠ ᠪᠣᠯᠤᠭᠰᠠᠨ ᠡᠯᠢᠭᠡᠨ ᠡᠰ ᠤᠨ ᠳᠣᠲᠣᠷ᠎ᠠ ᠥᠭᠡᠬᠦ ᠬᠡᠲᠦ ᠣᠪᠣᠭᠠᠷᠠᠭᠰᠠᠨ ᠡᠪᠡᠳᠴᠢᠨ ᠤ ᠬᠤᠪᠢᠷᠠᠯᠲᠠ ᠮᠥᠨ᠃ ᠣᠯᠠᠩᠬᠢ ᠥᠭᠡᠬᠦᠯᠡᠭᠰᠡᠨ ᠡᠯᠢᠭᠡᠨ ᠤ ᠡᠪᠡᠳᠴᠢᠲᠡᠨ ᠡᠪᠡᠳᠴᠢᠨ ᠤ ᠢᠯᠡᠷᠡᠯ ᠦᠭᠡᠢ ᠪᠣᠯᠬᠤᠷ ᠬᠥᠮᠥᠰ ᠤᠨ ᠠᠩᠬᠠᠷᠤᠯ ᠳᠤ ᠠᠮᠠᠷᠬᠠᠨ ᠬᠦᠷᠳᠡᠭ ᠦᠭᠡᠢ᠂ ᠭᠡᠪᠡᠴᠦ ᠭᠡᠮᠲᠦᠯ ᠰᠢᠷᠬᠠᠳᠤᠯ ᠨᠢ ᠪᠠᠶᠢᠡᠭᠭᠤ ᠣᠷᠣᠰᠢᠵᠤ᠂ ᠡᠪᠡᠳᠴᠢᠨ ᠤ ᠢᠯᠡᠷᠡᠯ ᠭᠠᠷᠤᠮᠠᠭᠴᠠ ᠡᠯᠢᠭᠡᠨ ᠤ ᠠᠵᠢᠯᠯᠠᠭ᠎ᠠ ᠨᠢ ᠡᠳᠦᠷ ᠲᠤᠲᠤᠮ ᠤᠨ ᠦᠨᠳᠦᠰᠦᠨ ᠠᠵᠢᠯᠯᠠᠭ᠎ᠠ ᠶᠢ ᠳᠠᠭᠠᠭᠠᠵᠤ ᠳᠡᠶᠢᠯᠬᠦ ᠦᠭᠡᠢ ᠪᠤᠯᠲᠠᠯ᠎ᠠ ᠲᠤᠷᠦ᠋ᠢᠲᠠᠭᠰᠠᠨ ᠪᠠᠶᠢᠵᠤ ᠮᠡᠳᠡᠨ᠎ᠡ ᠭᠡᠰᠡᠨ ᠬᠠᠷᠢᠭᠤᠯᠳᠠ ᠦᠭᠴᠡᠢ᠃    ᠡᠯᠢᠭᠡ ᠥᠭᠡᠬᠦᠯᠡᠬᠦ ᠨᠢ ᠮᠠᠷᠢᠶ᠎ᠠ ᠲᠠᠢ ᠬᠦᠮᠦᠨ ᠳᠤ ᠯᠡ ᠲᠤᠬᠢᠶᠠᠯᠳᠤᠳᠠᠭ ᠪᠢᠰᠢ᠂ ᠲᠡᠭᠦᠨ ᠤ ᠡᠭᠦᠰᠦᠯ ᠨᠢ ᠣᠯᠠᠨ ᠵᠦᠢᠯ ᠤᠨ ᠡᠯᠧᠮᠧᠨ᠋ᠲ ᠲᠠᠢ ᠬᠤᠯᠪᠣᠭ᠎ᠠ ᠲᠠᠢ ᠪᠠᠶᠢᠳᠠᠭ ᠠᠴᠠ ᠵᠠᠷᠢᠮ ᠬᠥᠮᠥᠰ ᠤᠨ ᠪᠡᠶ᠎ᠡ ᠶᠢᠨ ᠬᠦᠨᠳᠦ ᠨᠢ ᠬᠡᠪ ᠤᠨ ᠪᠠᠶᠢᠭᠰᠠᠨ ᠴᠤ ᠡᠯᠢᠭᠡ ᠥᠭᠡᠬᠦᠯᠡᠭᠰᠡᠨ ᠭᠡᠰᠡᠨ ᠤᠨᠤᠰᠢᠯᠠᠯᠲᠠ ᠠᠪᠳᠠᠭ ᠤᠨ ᠤᠴᠢᠷ ᠰᠢᠯᠲᠠᠭᠠᠨ ᠪᠣᠯᠣᠨ᠎ᠠ᠃ ᠡᠶᠢᠮᠦᠷᠬᠦᠦ ᠬᠥᠮᠥᠰ ᠲᠤ ᠠᠪᠴᠤ ᠬᠡᠯᠡᠪᠡᠯ᠂ ᠠᠷᠢᠬᠢ ᠤᠤᠭᠤᠳᠠᠭ ᠡᠰᠡᠬᠦ᠂ ᠡᠯᠢᠭᠡ ᠶᠢ ᠭᠡᠮᠲᠦᠭᠡᠬᠦ ᠡᠮ ᠬᠡᠷᠡᠭᠯᠡᠭᠰᠡᠨ ᠡᠰᠡᠬᠦ᠂ ᠬᠤᠭᠤᠯᠠ ᠭᠤᠯᠣᠬᠤ᠂ ᠰᠢᠮ᠎ᠡ ᠲᠡᠵᠢᠭᠡᠯ ᠳᠤᠲᠠᠭᠳᠠᠭᠰᠠᠨ ᠵᠡᠷᠭᠡ ᠠᠰᠠᠭᠤᠳᠠᠯ ᠣᠷᠣᠰᠢᠵᠤ ᠪᠠᠶᠢᠬᠤ ᠡᠰᠡᠬᠦ ᠶᠢ ᠣᠶᠢᠯᠠᠭᠠᠬᠤ ᠬᠡᠷᠡᠭᠲᠡᠢ᠃     ᠡᠯᠢᠭᠡ ᠪᠠᠨ ᠬᠠᠮᠠᠭᠠᠯᠠᠬᠤ ᠶᠢᠨ ᠲᠤᠯᠠᠳᠠ ᠪᠢᠳᠡ ᠢᠳᠡᠭᠡᠨ ᠤᠮᠳᠠᠭᠠᠨ ᠤ ᠳᠠᠳᠬᠠᠯ ᠢᠶᠠᠨ ᠬᠤᠪᠢᠷᠠᠭᠤᠯᠵᠤ᠂ ᠲᠣᠰᠣᠯᠢᠭ᠂ ᠥᠭᠡᠬᠦ ᠶᠡᠬᠡᠲᠡᠢ᠂ ᠡᠨᠧᠷᠭᠢ ᠶᠡᠬᠡᠲᠡᠢ ᠤᠭᠤᠷᠠᠭ ᠪᠠᠭᠠᠲᠠᠢ ᠢᠳᠡᠭᠡᠨ ᠤᠮᠳᠠᠭᠠᠨ ᠢ ᠴᠡᠭᠡᠷᠯᠡᠬᠦ ᠶᠢ ᠰᠠᠨᠠᠭᠤᠯᠵᠤ ᠪᠠᠶᠢᠨ᠎ᠠ︔ ᠪᠡᠶ᠎ᠡ ᠪᠣᠯᠪᠠᠰᠤᠷᠠᠬᠤ ᠪᠠ ᠮᠠᠷᠢᠶ᠎ᠠ ᠪᠠᠨ ᠰᠢᠭᠤᠷᠠᠭᠤᠯᠤᠨ᠎ᠠ︔ ᠠᠷᠢᠬᠢ ᠴᠡᠭᠡᠷᠯᠡᠨ᠎ᠡ︔ ᠡᠮ ᠢ ᠳᠤᠷ᠎ᠠ ᠪᠠᠷ ᠬᠡᠷᠡᠭᠯᠡᠬᠦ ᠦᠭᠡᠢ᠃   ᠡᠯᠢᠭᠡ ᠥᠭᠡᠬᠦᠯᠡᠬᠦ ᠶᠢ ᠵᠠᠰᠠᠳᠠᠭ ᠡᠷᠡᠭᠦᠯᠵᠢᠯ ᠤᠨ ᠡᠮ ᠢ ᠬᠡᠷᠡᠭᠯᠡᠬᠦ ᠳᠡᠭᠡᠨ ᠪᠤᠯᠭᠤᠮᠵᠢᠲᠠᠢ ᠪᠠᠶᠢᠭᠠᠷᠠᠢ᠃ ᠡᠮᠲᠦ ᠪᠣᠳᠠᠰ ᠤᠨ ᠣᠯᠠᠩᠬᠢ ᠨᠢ ᠡᠯᠢᠭᠡᠨ ᠤ ᠰᠣᠯᠢᠯᠴᠠᠭ᠎ᠠ ᠪᠠᠷ ᠳᠠᠮᠵᠢᠳᠠᠭ ᠠᠴᠠ ᠳᠤᠷ᠎ᠠ ᠪᠠᠷ ᠢᠶᠠᠨ ᠡᠮ ᠬᠡᠷᠡᠭᠯᠡᠪᠡᠯ ᠡᠯᠢᠭᠡᠨ ᠤ ᠠᠴᠢᠶᠠᠯᠠᠯ ᠢ ᠬᠦᠨᠳᠦᠷᠡᠭᠦᠯᠤᠨ᠎ᠡ᠃ ᠬᠡᠷᠪᠡ ᠠᠮᠢᠨᠤ᠋ ᠰᠢᠯᠵᠢᠭᠦᠯᠬᠦ ᠢᠰᠭᠡᠭᠦᠷ ᠤᠨ ᠬᠡᠮᠵᠢᠶ᠎ᠡ ᠪᠠᠭᠤᠷᠠᠬᠤ ᠦᠭᠡᠢ ᠪᠠᠶᠢᠪᠠᠯ ᠡᠮᠴᠢ ᠶᠢᠨ ᠵᠢᠯᠣᠭᠤᠳᠤᠯᠭ᠎ᠠ ᠪᠠᠷ ᠡᠮ ᠢ ᠵᠣᠬᠢᠰᠲᠠᠢ ᠬᠡᠷᠡᠭᠯᠡᠵᠦ ᠵᠠᠰᠠᠨ᠎ᠠ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号