ᠲᠠᠨ ᠤ ᠲᠤᠰᠠ ᠳᠤ
ᠨᠡᠶᠢᠲᠡᠯᠡᠭᠰᠡᠨ ᠴᠠᠭ᠄
2024/9/13
    ᠠᠷᠠᠰᠣ ᠪᠠᠭ᠎ᠠ ᠬᠡᠮᠵᠢᠶ᠎ᠠ ᠪᠠᠷ ᠰᠢᠷᠠᠭᠳᠣᠭᠰᠠᠨ ᠪᠣᠶᠣ ᠲᠦᠯᠡᠭᠳᠡᠭᠰᠠᠡ᠂ ᠬᠠᠯᠠᠭᠠᠭᠳᠠᠭᠰᠠᠨ ᠪᠠᠶᠢᠪᠠᠯ ᠪᠠᠭ᠎ᠠ ᠬᠡᠮᠵᠢᠶᠠᠨ ᠤ ᠶᠠᠭᠤᠣ ᠲᠦᠷᠬᠢᠪᠠᠯ ᠲᠣᠣᠷ᠎ᠠ ᠨᠢ ᠡᠪᠠᠳᠬᠦ ᠶᠢ ᠨᠠᠮᠳᠠᠭᠤᠯᠵᠣ᠂ ᠴᠢᠰᠣ ᠶᠢ ᠨᠢ ᠵᠣᠭᠰᠣᠭᠠᠨ᠎ᠠ᠃    ᠬᠤᠭᠤᠯᠠᠢ᠂ ᠪᠤᠶᠢᠯᠠ ᠦᠷᠪᠢᠰᠣᠯ ᠲᠠᠢ ᠪᠣᠯᠪᠠᠯ᠂ ᠰᠦᠨᠢ ᠲᠠᠷᠪᠣᠰ ᠢ ᠵᠢᠵᠢᠭ ᠵᠢᠵᠢᠭ ᠬᠡᠰᠡᠭ ᠪᠣᠯᠭᠠᠨ ᠬᠡᠷᠴᠢᠵᠣ ᠂ ᠲᠠᠪᠣᠰᠣ ᠲᠦᠷᠬᠢᠭᠡᠳ ᠢᠳᠠᠪᠠᠯ ᠲᠠᠷᠣᠢ ᠳᠤᠨᠢ ᠡᠪᠠᠳᠴᠢᠨ ᠤ ᠪᠠᠶᠢᠳᠠᠯ ᠰᠠᠶᠢᠵᠢᠷᠠᠵᠣ᠂ ᠬᠤᠶᠠᠳᠣᠭᠠᠷ ᠡᠳᠦᠷ ᠨᠢ ᠡᠳᠡᠭᠡᠷᠠᠴᠢᠭᠡᠨ᠎ᠠ᠃    ᠣᠨᠳᠠᠬᠤ ᠠᠴᠠ ᠡᠮᠣᠨ᠎ᠠ ᠣᠯᠠᠨ ᠦᠭᠡ ᠬᠡᠯᠡᠬᠦ ᠦᠭᠡᠢ᠂ ᠦᠳᠭᠡᠨ ᠴᠠᠢ ᠣᠣᠭᠤᠬᠤ ᠦᠭᠡᠢ᠂ ᠲᠠᠷᠢᠬᠢ ᠶᠡᠭᠡ ᠪᠠᠷ ᠬᠡᠷᠡᠭᠯᠡᠬᠦ ᠦᠭᠡᠢ᠂ ᠬᠠᠯᠠᠭᠤᠨ ᠣᠰᠣᠨ ᠳᠤ ᠼᠤᠣ ᠬᠢᠵᠣ ᠬᠦᠯ ᠢᠶᠠᠨ ᠣᠬᠢᠶᠠᠪᠠᠯ ᠨᠦᠢᠷ ᠬᠤᠯᠵᠢᠬᠤ ᠶᠢ ᠰᠡᠷᠭᠡᠶᠢᠯᠡᠵᠥ ᠪᠤᠯᠤᠨ᠎ᠠ᠃    ᠴᠠᠭᠠᠨ ᠼᠤᠣ ᠶᠢ ᠠᠮᠪᠠᠨ ᠲᠠᠭᠡᠷ᠎ᠠ ᠲᠣᠰᠣᠭᠠᠵᠣ ᠬᠠᠭᠠᠰ ᠴᠠᠭ ᠲᠠᠯᠪᠢᠭᠰᠠᠨ ᠤ ᠲᠠᠷᠠᠭ᠎ᠠ ᠣᠬᠢᠶᠠᠪᠠᠯ ᠪᠠᠺᠲ᠋ᠧᠷᠢ ᠠᠯᠠᠬᠤ ᠪᠦᠭᠡᠳ ᠦᠨᠦᠷ ᠢ ᠠᠷᠢᠯᠭᠠᠨ᠎ᠠ᠃    ᠰᠣᠩᠬᠢᠨ᠎ᠠ ᠰᠠᠷᠢᠮᠰᠠᠭ ᠢ ᠣᠯᠠᠨ ᠢᠳᠠᠪᠠᠯ ᠠᠮᠠᠨ ᠬᠦᠨᠳᠠᠢ᠂ ᠬᠤᠳᠣᠭᠤᠳᠣ ᠬᠡᠳᠠᠰᠣᠨ ᠳᠤ ᠰᠠᠳᠠᠯᠳᠠ ᠦᠭᠴᠣ ᠡᠷᠡᠬᠦᠯ ᠮᠠᠨᠳᠣ ᠳᠤ ᠠᠰᠢᠭ ᠦᠭᠡᠢ᠂ ᠵᠢᠭᠠᠬᠠᠨ ᠼᠣᠣ ᠬᠢᠭᠡᠳ ᠢᠳᠠᠪᠠᠯ ᠰᠠᠶᠢᠨ᠃    ᠬᠦᠯᠳᠡᠭᠡᠭᠦᠷ ᠲᠤ ᠢᠳᠡᠭᠡᠨ ᠪᠣᠯᠭᠠᠨ ᠢ ᠬᠠᠳᠠᠭᠠᠯᠠᠵᠤ ᠪᠣᠯᠳᠠᠭ ᠪᠢᠰᠢ᠃ ᠳᠣᠣᠷᠠᠬᠢ ᠢᠳᠡᠭᠡᠨ ᠢ ᠬᠦᠯᠳᠡᠭᠡᠭᠦᠷ ᠲᠤ ᠤᠳᠠᠭᠠᠨ ᠲᠠᠯᠪᠢᠬᠤ ᠦᠭᠡᠢ ᠪᠠᠶᠢᠪᠠᠯ ᠵᠣᠬᠢᠨ᠎ᠠ᠃    ᠪᠡᠷᠴᠢᠭᠢᠷ ᠯᠤᠤ ᠶᠢᠨ ᠨᠢᠲᠦ᠄ 0 ᠭᠷᠠᠳᠦ᠋ᠰ ᠠᠴᠠ ᠳᠣᠣᠷ᠎ᠠ ᠳᠤᠯᠠᠭᠠᠨ ᠳᠤ 1 ᠡᠳᠦᠷ ᠲᠠᠯᠪᠢᠬᠤ ᠳᠤ ᠬᠠᠯᠢᠰᠤ ᠨᠢ ᠬᠠᠷᠠᠯᠠᠵᠦ᠂ ᠠᠮᠲᠠ ᠨᠢ ᠮᠠᠭᠤᠳᠠᠳᠠᠭ᠃    ᠪᠠᠨᠠᠨᠠ᠄ 12 ᠭᠷᠠᠳᠦ᠋ᠰ ᠠᠴᠠ ᠳᠣᠣᠷ᠎ᠠ ᠳᠤᠯᠠᠭᠠᠨ ᠳᠤ ᠬᠠᠳᠠᠭᠠᠯᠠᠪᠠᠯ ᠬᠠᠷᠠᠯᠠᠵᠤ ᠡᠪᠳᠡᠷᠡᠳᠡᠭ᠃    ᠦᠷᠭᠡᠰᠦᠲᠦ ᠬᠡᠮᠬᠡ᠄ 0 ᠭᠷᠠᠳᠦ᠋ᠰ ᠤᠨ ᠬᠦᠯᠳᠡᠭᠡᠭᠦᠷ ᠲᠤ 3 ᠡᠳᠦᠷ ᠲᠠᠯᠪᠢᠪᠠᠯ᠂ ᠦᠷᠭᠡᠰᠦᠲᠦ ᠬᠡᠮᠭᠡ ᠶᠢᠨ ᠬᠠᠯᠢᠰᠤ ᠨᠢ ᠬᠠᠳᠠᠩᠰᠢᠵᠤ᠂ ᠬᠡᠷᠴᠢᠬᠦ ᠳᠤ ᠴᠠᠪᠠᠤᠯᠢᠭ ᠰᠢᠩᠭᠡᠨ ᠤᠰᠤ ᠭᠠᠷᠴᠤ᠂ ᠦᠨᠦᠷ ᠠᠮᠲᠠ ᠨᠢ ᠮᠠᠭᠤᠳᠠᠳᠠᠭ᠃    ᠲᠦᠪᠡᠳ ᠬᠠᠰᠢ᠄ ᠲᠦᠪᠡᠳ ᠬᠠᠰᠢ ᠶᠢᠨ ᠵᠡᠷᠢᠮ ᠬᠡᠰᠡᠭ ᠭᠠᠵᠠᠷ ᠪᠣᠶᠤ ᠪᠦᠬᠦᠨ ᠢᠶᠠᠷ ᠢᠶᠠᠨ ᠤᠰᠤᠷᠬᠠᠭ ᠪᠣᠯᠵᠤ ᠠᠮᠠᠷᠬᠠᠨ ᠢᠯᠵᠠᠷᠠᠨ᠂ ᠲᠣᠯᠪᠤ ᠰᠠᠭᠤᠳᠠᠭ᠃    ᠳᠠᠪᠤᠰᠤᠯᠠᠭᠰᠠᠨ ᠭᠠᠭᠠᠢ ᠶᠢᠨ ᠭᠤᠶ᠎ᠠ᠄ ᠬᠦᠯᠳᠡᠭᠡᠭᠦᠷ ᠲᠤ ᠬᠠᠳᠠᠭᠠᠯᠠᠪᠠᠯ ᠤᠰᠤᠯᠢᠭ ᠬᠡᠮᠵᠢᠶ᠎ᠠ ᠨᠢ ᠬᠦᠯᠳᠡᠵᠦ ᠮᠦᠰᠦᠵᠢᠭᠡᠳ ᠦᠭᠡᠭᠦᠨ ᠤ ᠢᠰᠦᠯᠲᠡ ᠨᠢ ᠲᠦᠷᠭᠡᠳᠴᠦ᠂ ᠴᠢᠨᠠᠷ ᠨᠢ ᠮᠠᠭᠤᠳᠠᠨ᠂ ᠬᠠᠳᠠᠭᠠᠯᠠᠬᠤ ᠬᠤᠭᠤᠴᠠᠭ᠎ᠠ ᠨᠢ ᠪᠣᠭᠤᠨᠢᠰᠳᠠᠭ᠃    ᠴᠤᠺᠤᠯᠠᠳ᠋᠄ 30 ᠭᠷᠠᠳᠦ᠋ᠰ ᠤᠨ ᠬᠠᠯᠠᠭᠤᠨ ᠳᠤ ᠴᠤᠺᠤᠯᠠᠳ᠋ ᠢᠶᠠᠨ ᠴᠠᠬᠢᠯᠭᠠᠨ ᠬᠦᠯᠳᠡᠭᠡᠭᠦᠷ ᠠᠴᠠ ᠠᠪᠴᠤ ᠭᠠᠷᠭᠠᠬᠤ ᠳᠤ ᠦᠩᠭᠡᠨ ᠲᠠᠯ᠎ᠠ ᠨᠢ ᠠᠪᠤᠨ ᠳᠣᠣᠷ᠎ᠠ ᠪᠠᠨ ᠬᠢᠷᠠᠭᠤᠵᠢᠵᠦ᠂ ᠤᠳᠠᠭᠠᠨ ᠳᠠᠭᠠᠨ ᠴᠤᠺᠤᠯᠠᠳ᠋ ᠨᠢ ᠴᠢᠭᠢᠭᠳᠡᠭᠰᠡᠨ ᠠᠴᠠ ᠪᠣᠯᠵᠤ ᠢᠯᠵᠠᠷᠠᠨ ᠡᠪᠳᠡᠷᠡᠬᠦ ᠪᠤᠶᠤ ᠬᠤᠷᠤᠬᠠᠶᠢᠳᠠᠳᠠᠭ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号