ᠡᠨᠡ ᠭᠠᠷ ᠤᠲᠠᠰᠤ ᠶᠢ ᠵᠠᠯᠭᠠᠵᠤ ᠨᠡᠪᠲᠡᠷᠡᠭᠦᠯᠪᠡᠯ ᠶᠠᠯ᠎ᠠ ᠬᠢᠭᠰᠡᠨ ᠢᠶᠠᠷ ᠰᠡᠵᠢᠭᠯᠡᠭᠳᠡᠨ᠎ᠡ︕
ᠨᠡᠶᠢᠲᠡᠯᠡᠭᠰᠡᠨ ᠴᠠᠭ᠄
2024/8/29
     ᠵᠦᠭᠡᠷ ᠭᠠᠷ ᠤᠲᠠᠰᠤ ᠵᠠᠯᠭᠠᠵᠤ ᠨᠡᠪᠳᠡᠷᠡᠭᠦᠯᠵᠦ ᠯᠡ ᠪᠠᠶᠢᠪᠠᠯ ᠨᠢᠭᠡ ᠴᠠᠭ ᠲᠤ 300 ᠲᠥᠭᠦᠷᠢᠭ ᠤᠯᠤᠨ᠎ᠠ ᠭᠡᠪᠡᠯ ᠲᠠ ᠰᠡᠳᠬᠢᠯ ᠬᠥᠳᠡᠯᠦᠨ᠎ᠡ ᠦᠦ︖     ᠭᠡᠶ᠎ᠡ ᠡᠨᠡ ᠬᠠᠷᠢᠨ ᠤᠨᠠᠭᠤᠯᠢ ᠪᠠᠶᠢᠵᠤ ᠮᠡᠳᠡᠨ᠎ᠡ ᠰᠢᠦ᠂ ᠶᠠᠭᠠᠬᠢᠭᠰᠠᠨ ᠴᠤ ᠰᠡᠷᠡᠮᠵᠢᠯᠡᠬᠦ ᠬᠡᠷᠡᠭᠲᠡᠢ︕ ᠡᠨᠡ ᠤᠲᠠᠰᠤ ᠶᠢ ᠵᠠᠯᠭᠠᠵᠤ ᠨᠡᠪᠲᠡᠷᠡᠭᠦᠯᠪᠡᠯ ᠴᠢ ᠳᠠᠷᠤᠢ ᠶᠠᠯ᠎ᠠ ᠬᠢᠭᠰᠡᠨ ᠢᠶᠠᠷ ᠰᠡᠵᠢᠭᠯᠡᠭᠳᠡᠨ᠎ᠡ᠃     6 ᠰᠠᠷ᠎ᠠ ᠶᠢᠨ ᠰᠡᠭᠦᠯᠴᠢ ᠪᠠᠷ ᠬᠤ᠋ ᠣᠪᠣᠭᠲᠤ ᠨᠠᠶᠢᠵᠠ ᠶᠢᠨ ᠲᠣᠭᠤᠷᠢᠭ ᠲᠠᠭᠠᠨ ᠬᠤᠶᠠᠷ ᠭᠠᠷ ᠤᠲᠠᠰᠤ ᠲᠠᠢ ᠯᠠ ᠪᠣᠯ ᠨᠢᠭᠡ ᠴᠠᠭ ᠲᠤ 300 ᠲᠥᠭᠦᠷᠢᠭ ᠣᠯᠵᠤ᠂ ᠴᠠᠯᠢᠩ ᠢ ᠡᠳᠦᠷ ᠲᠤ ᠨᠢ ᠪᠤᠳᠤᠵᠤ ᠥᠭᠳᠡᠭ ᠭᠡᠰᠡᠨ ᠵᠠᠷ ᠢ ᠣᠯᠵᠤ ᠦᠵᠡᠭᠡᠳ ᠡᠶᠢᠮᠦ ᠳᠥᠭᠦᠮ ᠮᠥᠷᠲᠡᠭᠡᠨ ᠵᠣᠭᠤᠰ ᠲᠦᠷᠭᠡᠨ ᠣᠯᠳᠠᠭ ᠠᠵᠢᠯ ᠳᠤ ᠰᠡᠳᠬᠢᠯ ᠬᠥᠳᠡᠯᠪᠡ᠃ ᠲᠡᠭᠡᠭᠡᠳ ᠰᠠᠨᠠᠭᠠᠴᠢᠯᠠᠭ᠎ᠠ ᠲᠠᠢ ᠪᠠᠷ ᠨᠥᠭᠦᠭᠡ ᠡᠲᠡᠭᠡᠳ ᠲᠠᠢ ᠬᠠᠷᠢᠯᠴᠠᠭᠰᠠᠨ ᠳᠤ ᠬᠤ᠋ ᠣᠪᠣᠭᠲᠤ ᠳᠤ ᠬᠤᠶᠠᠷ ᠭᠠᠷ ᠤᠲᠠᠰᠤ ᠥᠭᠴᠦ᠂ ᠲᠤᠰ ᠲᠤᠰ ᠲᠤ ᠨᠢ ᠤᠲᠠᠰᠤᠳᠠᠭᠰᠠᠨ ᠪᠣᠯᠪᠠᠴᠤ ᠲᠡᠷᠡ ᠥᠪᠡᠷ ᠢᠶᠠᠨ ᠬᠠᠷᠢᠨ ︽ᠦᠭᠡ ᠬᠡᠯᠡᠬᠦ ᠴᠢᠬᠤᠯᠠ ᠦᠭᠡᠢ︾ ᠪᠠᠶᠢᠵᠤ᠂ ︽ᠤᠲᠠᠰᠤ ᠨᠡᠪᠲᠡᠷᠡᠳᠡᠭ ᠯᠡ ᠶᠤᠮ ᠪᠣᠯ ᠨᠢᠭᠡ ᠤᠳᠠᠭᠠᠨ ᠤ ᠡᠭᠦᠷᠭᠡ ᠶᠢ ᠪᠡᠶᠡᠯᠡᠭᠦᠯᠦᠭᠰᠡᠨ ᠳᠤ ᠲᠣᠭᠠᠴᠠᠨ᠎ᠠ︾᠃ ︽ᠪᠢ ᠪᠣᠯ ᠪᠠᠭ᠎ᠠ ᠨᠠᠰᠤᠨ ᠤ ᠰᠤᠷᠭᠠᠨ ᠬᠥᠮᠦᠵᠢᠯ ᠤᠨ ᠪᠠᠶᠢᠭᠤᠯᠤᠮᠵᠢ ᠶᠢᠨ ᠦᠢᠯᠡᠴᠢᠯᠡᠭᠴᠢ ᠪᠠᠶᠢᠨ᠎ᠠ᠂ ᠲᠠᠨ ᠤ ᠬᠤᠳᠠᠯᠳᠤᠨ ᠠᠪᠤᠭᠰᠠᠨ ᠬᠢᠴᠢᠶᠡᠯ ᠤᠨ ᠵᠣᠭᠤᠰ ᠢ ᠪᠤᠴᠠᠭᠠᠬᠤ ᠬᠡᠷᠡᠭᠲᠡᠢ ᠪᠣᠯᠵᠠᠢ ︾᠂ ︽ᠪᠢ ᠪᠣᠯ ᠵᠠᠭᠤᠨ ᠲᠦᠮᠡᠨ ᠪᠠᠲᠤᠯᠠᠭ᠎ᠠ ᠲᠠᠪᠴᠠᠩ ᠤᠨ ᠦᠢᠯᠡᠴᠢᠯᠡᠭᠴᠢ ᠪᠠᠶᠢᠨ᠎ᠠ᠂ ᠲᠠ ᠡᠨᠡᠬᠦ ᠦᠢᠯᠡᠴᠢᠯᠡᠭᠡ ᠶᠢ ᠬᠠᠭᠠᠬᠤ ᠦᠭᠡᠢ ᠪᠣᠯ ᠵᠣᠭᠤᠰ ᠢ ᠨᠢ ᠰᠠᠭᠤᠯᠭᠠᠨ ᠠᠪᠤᠨ᠎ᠠ︾ ᠭᠡᠬᠦ ᠤᠲᠠᠰᠤᠨ ᠤ ᠴᠠᠭᠠᠨᠠᠬᠢ ᠠᠳᠠᠯᠢ ᠪᠤᠰᠤ ᠦᠢᠯᠡᠴᠢᠯᠡᠭᠴᠢ ᠶᠢᠨ ᠶᠠᠷᠢᠬᠤ ᠶᠢ ᠰᠣᠨᠣᠰᠤᠭᠠᠳ ᠬᠤ᠋ ᠣᠪᠣᠭᠲᠤ ᠰᠠᠶ᠋ᠢ ᠤᠤᠯ ᠨᠢ ᠬᠤᠶᠠᠷ ᠭᠠᠷ ᠤᠲᠠᠰᠤ ᠬᠡᠷᠡᠭᠡᠯᠳᠡᠭ ᠨᠢ ᠨᠥᠭᠦᠭᠡ ᠡᠲᠡᠭᠡᠳ ᠤᠨ ᠢᠶᠠᠨ ᠳ᠋ᠢᠶᠠᠩᠬᠤᠸᠠ ᠶᠢᠨ ᠬᠠᠷᠢᠶᠠᠯᠠᠭᠳᠠᠬᠤ ᠭᠠᠵᠠᠷ ᠢ ᠳᠠᠯᠳᠠᠯᠠᠬᠤ ᠶᠢᠨ ᠲᠥᠯᠥᠭᠡ ᠨᠢᠭᠡ ᠭᠠᠷ ᠤᠲᠠᠰᠤ ᠪᠠᠷ ᠣᠪᠯᠠᠭᠰᠠᠨ ᠠᠳᠠᠯᠢ ᠪᠤᠰᠤ ᠦᠢᠯᠡᠴᠢᠯᠡᠭᠴᠢ ᠲᠠᠢ ᠬᠠᠷᠢᠯᠴᠠᠵᠤ᠂ ᠨᠥᠭᠦᠭᠡ ᠨᠢᠭᠡ ᠭᠠᠷ ᠤᠲᠠᠰᠤ ᠪᠠᠷ ᠬᠤᠬᠢᠷᠠᠯ ᠠᠮᠰᠠᠭᠴᠢ ᠶᠢᠨ ᠤᠲᠠᠰᠤ ᠶᠢ ᠵᠠᠯᠭᠠᠨ᠎ᠠ᠃ ᠡᠶᠢᠮᠦ ︽ᠳᠥᠭᠦᠮ︾ ᠬᠢᠳᠡᠯ ᠢ ᠬᠠᠷᠠᠭᠠᠳ ᠬᠤ᠋ ᠣᠪᠣᠭᠲᠤ ᠡᠨᠡ ᠭᠡᠨᠡᠨ ᠵᠠᠮ ᠢ ᠰᠣᠩᠭᠤᠵᠠᠢ᠃ ︽ᠡᠬᠢᠯᠡᠩᠭᠦᠲᠡ ᠪᠠᠨ ᠪᠢ ᠴᠦ ᠡᠨᠡ ᠬᠦ ᠠᠵᠢᠯ ᠢ ᠬᠢᠬᠦ ᠨᠢ ᠠᠶᠤᠯ ᠲᠦᠭᠰᠢᠭᠦᠷᠢ ᠲᠠᠢ ᠭᠡᠵᠦ ᠪᠤᠳᠤᠭᠠᠳ ᠶᠡᠭᠡ ᠠᠶᠤᠵᠤ ᠪᠠᠶᠢᠭᠰᠠᠨ᠃ ᠭᠡᠪᠡᠴᠦ ᠣᠷᠣᠯᠭ᠎ᠠ ᠨᠢ ᠨᠡᠯᠢᠶᠡᠳ ᠥᠨᠳᠥᠷ᠂ ᠪᠢ ᠠᠷᠪᠠᠨ ᠬᠡᠳᠦᠨ ᠡᠳᠦᠷ ᠠᠵᠢᠯᠯᠠᠭᠠᠳ ᠪᠠᠷᠤᠭ 3000 ᠲᠥᠭᠦᠷᠢᠭ ᠣᠯᠣᠭᠰᠠᠨ ᠪᠣᠯᠬᠤᠷ ᠲᠡᠶᠢᠮᠦ ᠠᠷᠪᠢᠨ ᠶᠠᠭᠤᠮ᠎ᠠ ᠪᠣᠳᠣᠭᠰᠠᠨ ᠦᠭᠡᠢ ᠁︾ ᠭᠡᠵᠦ ᠬᠡᠯᠡᠪᠡ᠃     ᠣᠶᠢᠷ᠎ᠠ ᠳᠤ᠂ ᠵᠣᠨ ᠤ ᠤᠯᠠᠷᠢᠯ ᠤᠨ ᠠᠮᠤᠷ ᠢ ᠬᠠᠮᠠᠭᠠᠯᠠᠬᠤ ᠴᠣᠬᠢᠯᠲᠠ ᠥᠭᠴᠦ ᠴᠡᠭᠴᠡᠯᠡᠨ ᠵᠠᠰᠠᠬᠤ ᠠᠵᠢᠯᠯᠠᠭ᠎ᠠ ᠳᠤᠮᠳᠠ ᠵᠧᠵᠢᠶᠠᠩ ᠤᠨ ᠵᠢᠶᠠᠰᠢᠩ ᠤᠨ ᠫᠢᠩ ᠬᠤ᠋ ᠶᠢᠨ ᠴᠠᠭᠳᠠᠭᠠᠨ ᠤ ᠲᠠᠯ᠎ᠠ ᠶᠢᠨ ᠬᠢᠨ ᠬᠠᠩᠭᠠᠭᠰᠠᠨ ᠰᠦᠪᠡᠭᠴᠢ ᠶᠢ ᠦᠨᠳᠦᠰᠦᠯᠡᠨ ᠬᠤ᠋ ᠣᠪᠣᠭᠲᠤ ᠶᠢᠨ ᠬᠡᠷᠡᠭ ᠬᠢᠭᠰᠡᠨ ᠬᠤᠶᠠᠷ ᠭᠠᠷ ᠤᠲᠠᠰᠤᠨ ᠤ ᠺᠠᠷᠲ ᠪᠠ ᠬᠠᠤᠯᠢ ᠪᠤᠰᠤ ᠣᠷᠣᠯᠭ᠎ᠠ ᠶᠢ ᠪᠦᠬᠦᠨ ᠢ ᠬᠤᠷᠢᠶᠠᠨ ᠠᠪᠴᠠᠢ᠃ ᠬᠤ᠋ ᠣᠪᠣᠭᠲᠤ ᠶᠢᠨ ᠣᠷᠣᠯᠴᠠᠭᠰᠠᠨ ᠡᠨᠡ ᠬᠦ ᠠᠵᠢᠯ ᠪᠣᠯ ᠦᠨᠡᠨ ᠳᠡᠭᠡᠨ ᠨᠢᠭᠡ ᠵᠦᠢᠯ ᠤᠨ ᠰᠢᠨ᠎ᠡ ᠬᠡᠯᠪᠡᠷᠢ ᠶᠢᠨ ᠮᠡᠬᠡᠯᠡᠬᠦ ᠠᠷᠭ᠎ᠠ — ︽ᠭᠠᠷ ᠤᠲᠠᠰᠤᠨ ᠤ ᠠᠮᠠᠰᠠᠷ︾ ᠢ ᠲᠠᠲᠠᠵᠤ ᠲᠠᠭᠠᠷᠠᠭᠤᠯᠤᠭᠰᠠᠨ ᠶᠠᠪᠤᠳᠠᠯ ᠪᠣᠯᠣᠨ᠎ᠠ᠃ ᠮᠡᠬᠡᠯᠡᠭᠴᠢ ︽ᠥᠨᠳᠥᠷ ᠴᠠᠯᠢᠩ︾ ᠢᠶᠠᠷ ᠥᠭᠶᠥᠭᠡ ᠪᠣᠯᠭᠠᠵᠤ᠂ ᠠᠵᠢᠯ ᠡᠷᠢᠭᠴᠢ ᠬᠤᠶᠠᠷ ᠭᠠᠷ ᠤᠲᠠᠰᠤ ᠪᠡᠯᠡᠳᠬᠡᠵᠦ᠂ ᠨᠢᠭᠡ ᠨᠢ ᠮᠡᠬᠡᠯᠡᠭᠴᠢ ᠲᠠᠢ ᠨᠡᠪᠲᠡᠷᠡᠭᠦᠯᠵᠦ᠂ ᠨᠥᠭᠦᠭᠡ ᠨᠢᠭᠡ ᠨᠢ ᠮᠡᠬᠡᠯᠡᠭᠳᠡᠭᠴᠢ ᠶᠢᠨ ᠭᠠᠷ ᠤᠲᠠᠰᠤ ᠶᠢ ᠨᠡᠪᠲᠡᠷᠡᠭᠦᠯᠵᠦ᠂ ᠤᠲᠠᠰᠤᠨ ᠤ ᠨᠡᠪᠲᠡᠷᠡᠬᠦ ᠶᠠᠷᠢᠯᠴᠠᠭ᠎ᠠ ᠶᠢ ᠭᠠᠳᠠᠭᠰᠢ ᠲᠠᠯᠪᠢᠬᠤ ᠪᠤᠶᠤ ᠬᠤᠶᠠᠷ ᠭᠠᠷ ᠤᠳᠠᠰᠤᠨ ᠤ ᠶᠠᠷᠢᠯᠴᠠᠭ᠎ᠠ ᠶᠢ ᠬᠠᠷᠢᠯᠴᠠᠨ ᠰᠢᠩᠭᠡᠭᠡᠬᠦ ᠠᠷᠭ᠎ᠠ ᠪᠠᠷ᠂ ᠬᠢᠯᠢ ᠶᠢᠨ ᠭᠠᠳᠠᠨᠠᠬᠢ ᠤᠲᠠᠰᠤ ᠶᠢ ᠤᠯᠤᠰ ᠤᠨ ᠳᠣᠲᠣᠭᠠᠳᠤ ᠶᠢᠨ ᠤᠲᠠᠰᠤᠨ ᠤ ᠨᠣᠮᠧᠷ ᠪᠣᠯᠭᠠᠵᠤ ᠮᠡᠬᠡᠯᠡᠯ ᠶᠠᠪᠤᠭᠤᠯᠳᠠᠭ᠂ ᠮᠡᠬᠡᠯᠡᠭᠴᠢ ᠶᠡᠷᠦ ᠳᠡᠭᠡᠨ ︽ᠭᠠᠷ ᠤᠲᠠᠰᠤᠨ ᠤ ᠠᠮᠠᠰᠠᠷ︾ ᠤᠨ ᠲᠤᠬᠠᠶᠢᠯᠠᠭᠰᠠᠨ ᠠᠵᠢᠯ ᠢ ︽ᠥᠨᠳᠥᠷ ᠴᠠᠯᠢᠩ ᠲᠠᠢ︾ ᠬᠠᠪᠰᠤᠷᠭᠠᠵᠤ᠂ ᠵᠣᠭᠤᠰ ᠤᠨ ᠬᠡᠷᠡᠭᠴᠡᠭᠡ ᠪᠠᠴᠢᠮ ᠪᠠᠶᠢᠬᠤ ᠰᠦᠯᠵᠢᠶᠡᠨ ᠤ ᠨᠠᠶᠢᠵᠠ ᠶᠢ ᠤᠷᠠᠬᠠᠨ ᠳᠤ ᠪᠠᠨ ᠣᠷᠣᠭᠤᠯᠳᠠᠭ᠃     ᠴᠠᠭᠳᠠᠭᠠᠨ ᠤ ᠲᠠᠯ᠎ᠠ ᠶᠢᠨ ᠬᠢᠨ ᠠᠴᠠ ᠪᠤᠰᠤᠳ ᠬᠥᠮᠥᠨ ᠤ ᠴᠠᠬᠢᠯᠭᠠᠨ ᠬᠤᠯᠪᠣᠭ᠎ᠠ ᠰᠦᠯᠵᠢᠶᠡᠨ ᠤ ᠮᠡᠬᠡᠯᠡᠯ ᠤᠨ ᠶᠠᠯᠠᠲᠤ ᠠᠵᠢᠯᠯᠠᠭ᠎ᠠ ᠬᠢᠵᠦ ᠪᠠᠶᠢᠬᠤ ᠶᠢ ᠲᠣᠳᠣᠷᠬᠠᠢ ᠮᠡᠳᠡᠵᠦ ᠪᠠᠶᠢᠭᠠᠳ ᠳᠠᠭᠤᠳᠠᠨ ᠳᠠᠮᠵᠢᠭᠤᠯᠬᠤ ᠲᠥᠬᠦᠭᠡᠷᠦᠮᠵᠢ ᠶᠢ ᠲᠠᠲᠠᠵᠤ ᠲᠠᠭᠠᠷᠠᠭᠤᠯᠬᠤ᠂ ᠮᠡᠬᠡᠯᠡᠯ ᠤᠨ ᠤᠲᠠᠰᠤ ᠶᠢ ᠪᠥᠭᠡᠮ ᠢᠶᠠᠷ ᠤᠲᠠᠰᠤᠳᠠᠬᠤ ᠪᠤᠶᠤ ᠭᠠᠷ ᠤᠲᠠᠰᠤᠨ ᠤ ᠺᠠᠷᠲ᠂ ᠴᠢᠮᠡᠭᠡ ᠬᠤᠯᠪᠣᠭᠠᠨ ᠤ ᠪᠠᠭᠠᠵᠢ ᠶᠢ ᠬᠠᠩᠭᠠᠵᠤ ᠥᠭᠬᠦ ᠳᠤ ᠬᠠᠪᠰᠤᠷᠤᠯᠭ᠎ᠠ ᠦᠵᠡᠭᠦᠯᠦᠭᠰᠡᠨ ᠪᠠᠶᠢᠪᠠᠯ ᠬᠠᠷᠠᠮᠵᠢ ᠣᠯᠣᠭᠰᠠᠨ ᠡᠰᠡᠬᠦ ᠲᠠᠢ ᠬᠠᠮᠢᠶ᠎ᠠ ᠦᠭᠡᠢ᠂ ᠴᠥᠮ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠬᠢᠭᠰᠡᠨ ᠰᠡᠵᠢᠭᠯᠡᠯᠲᠡᠢ ᠪᠠᠶᠢᠵᠤ᠂ ᠵᠣᠬᠢᠬᠤ ᠬᠠᠷᠢᠭᠤᠴᠠᠯᠭ᠎ᠠ ᠶᠢ ᠬᠠᠤᠯᠢ ᠶᠣᠰᠣᠭᠠᠷ ᠨᠡᠬᠡᠮᠵᠢᠯᠡᠨ᠎ᠡ ᠭᠡᠵᠦ ᠰᠠᠨᠠᠭᠤᠯᠵᠤ ᠪᠠᠶᠢᠨ᠎ᠠ᠃
 
ᠢᠷᠡᠯᠲᠡ᠄ ᠠᠷᠠᠳ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号