ᠨᠢᠭᠡ ᠵᠦᠢᠯ ᠤᠨ ᠰᠢᠳᠦ ᠶᠢ ᠤᠨᠠᠭᠠᠳᠠᠭ ᠡᠪᠡᠳᠴᠢᠨ
ᠨᠡᠶᠢᠲᠡᠯᠡᠭᠰᠡᠨ ᠴᠠᠭ᠄
2024/7/25
     ᠪᠤᠶᠢᠯᠠ ᠶᠢᠨ ᠦᠷᠪᠢᠰᠦᠯ ᠪᠣᠯ ᠪᠢᠳᠡᠨ ᠤ ᠰᠢᠳᠦ ᠶᠢ ᠠᠮᠠᠷᠬᠠᠨ ᠤᠨᠠᠭᠠᠳᠠᠭ ᠬᠡᠷᠡᠭ ᠤᠨ ᠡᠵᠡᠨ ᠶᠤᠮ᠃ ᠡᠶᠢᠮᠦ ᠡᠪᠡᠳᠴᠢᠨ ᠢ ᠮᠠᠰᠢ ᠣᠯᠠᠨ ᠬᠥᠮᠦᠨ ᠵᠠᠯᠠᠭᠤ ᠪᠠᠶᠢᠬᠤ ᠳᠠᠭᠠᠨ ᠲᠡᠮᠡᠢ ᠠᠩᠬᠠᠷᠤᠯ ᠳᠠᠭᠠᠨ ᠠᠪᠳᠠᠭ ᠦᠭᠡᠢ᠂ ᠰᠢᠳᠦ ᠨᠢ ᠤᠨᠠᠭᠠᠳ ᠢᠷᠡᠬᠦ ᠲᠠᠢ ᠵᠡᠷᠭᠡ ᠰᠠᠶ᠋ᠢ ᠠᠩᠬᠠᠷᠤᠯ ᠳᠠᠭᠠᠨ ᠠᠪᠳᠠᠭ ᠪᠠᠶᠢᠨ᠎ᠠ᠂ ᠬᠡᠳᠡᠯ᠎ᠡ ᠡᠨᠡ ᠦᠶ᠎ᠡ ᠪᠤᠯᠬᠤ  ᠳᠤ ᠨᠢᠭᠡᠨᠲᠡ ᠤᠷᠦ᠋ᠢᠳᠠᠬᠰᠠᠨ ᠪᠠᠶᠢᠳᠠᠭ᠃ ᠪᠤᠶᠢᠯᠠ ᠶᠢᠨ ᠦᠷᠪᠢᠰᠦᠯ ᠨᠢ ᠰᠠᠶ᠋ᠢ ᠦᠷᠪᠢᠰᠬᠦ ᠦᠶ᠎ᠡ ᠳᠤ ᠮᠠᠰᠢ ᠤᠳᠠᠭᠠᠨ ᠪᠠᠶᠢᠳᠠᠭ ᠶᠤᠮ᠂ ᠰᠠᠶ᠋ᠢ ᠦᠷᠪᠢᠰᠬᠦ ᠦᠶ᠎ᠡ ᠶᠢᠨ ᠢᠯᠡᠷᠡᠯ ᠬᠡᠪᠡᠯ᠄ ᠪᠤᠶᠢᠯᠠ ᠵᠢᠭᠠᠬᠠᠨ ᠤᠯᠠᠶᠢᠬᠤ᠂ ᠵᠢᠭᠠᠬᠠᠨ ᠴᠢᠰᠤ ᠭᠠᠷᠬᠤ ᠪᠤᠶᠤ ᠡᠰᠡᠬᠦᠯ᠎ᠡ ᠠᠯᠮᠤᠷᠠᠳ ᠢᠳᠡᠬᠦ ᠳᠤ ᠬᠠᠵᠠᠬᠰᠠᠨ ᠬᠡᠰᠡᠭ ᠲᠤᠨᠢ ᠴᠢᠰᠤᠨ ᠣᠷᠣ ᠦᠯᠡᠳᠡᠳᠡᠭ᠃ ᠡᠨᠡ ᠦᠶ᠎ᠡ ᠳᠤ ᠰᠢᠳᠦ ᠪᠠᠨ ᠡᠮᠨᠡᠯᠭᠡ ᠳᠤ ᠬᠦᠷᠴᠦ ᠦᠵᠡᠬᠦᠯᠬᠦ ᠦᠭᠡᠢ᠂ ᠵᠥᠪᠬᠡᠨ ᠡᠮ ᠤᠤᠭᠤᠵᠤ ᠡᠪᠡᠳᠬᠦ ᠶᠢ ᠵᠣᠭᠰᠣᠭᠠᠬᠤ ᠶᠢ ᠪᠤᠳᠤᠬᠤ ᠳᠤ ᠬᠦᠷᠪᠡᠯ᠂ ᠦᠨᠡᠨ ᠳᠡᠭᠡᠨ ᠶᠠᠮᠠᠷ ᠴᠤ ᠲᠤᠰᠠ ᠦᠭᠡᠢ ᠶᠤᠮ᠃ ᠰᠢᠳᠦᠨ ᠤ ᠤᠭ ᠨᠢ ᠢᠯᠡᠷᠡᠨ ᠭᠠᠷᠪᠠᠯ᠂ ᠰᠢᠳᠦ ᠬᠦᠳᠡᠯᠬᠦ ᠨᠢ ᠤᠯᠠᠮ ᠠᠴᠠ ᠤᠯᠠᠮ ᠬᠦᠨᠳᠦ ᠪᠤᠯᠤᠨ᠎ᠠ᠃     ᠪᠤᠶᠢᠯᠠ ᠶᠢᠨ ᠦᠷᠪᠢᠰᠦᠯ ᠢ ᠶᠠᠭᠠᠬᠢᠵᠤ ᠵᠠᠰᠠᠬᠤ ᠪᠣᠶ︖     1. ᠰᠢᠳᠦ ᠪᠠᠨ ᠤᠬᠢᠶᠠᠬᠤ     2. ᠪᠣᠬᠢᠷᠲᠤᠭᠰᠠᠨ ᠬᠡᠰᠡᠭ ᠢ ᠬᠤᠰᠤᠵᠤ ᠠᠷᠢᠯᠭᠠᠬᠤ     3. ᠪᠤᠶᠢᠯᠠ ᠶᠢᠨ ᠮᠡᠰᠡ ᠵᠠᠰᠠᠯ ᠬᠢᠯᠭᠡᠬᠦ     4. ᠡᠮ ᠢᠶᠠᠷ ᠵᠠᠰᠠᠬᠤ     5. ᠡᠯᠡᠭᠳᠡᠭᠰᠡᠨ ᠰᠢᠳᠦ ᠶᠢ ᠲᠡᠭᠰᠢᠯᠡᠵᠦ ᠵᠠᠰᠠᠬᠤ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号