2024 ᠣᠨ ᠤ 1-2 ᠳ᠋ᠤᠭᠠᠷ ᠰᠠᠷ᠎ᠠ ᠳᠤ᠂ ᠪᠥᠬᠦ ᠣᠷᠣᠨ ᠤ ᠬᠡᠪᠴᠢᠶᠡᠵᠢᠯ ᠠᠴᠠ ᠳᠡᠭᠡᠭᠰᠢᠬᠢ ᠠᠵᠤ | ᠦᠢᠯᠡᠳᠪᠦᠷᠢ ᠶᠢᠨ ᠲᠦᠭᠦᠬᠡᠶ ᠨᠡᠭᠦᠷᠡᠰᠦᠨ ᠤ ᠦᠢᠯᠡᠳᠪᠦᠷᠢᠯᠡᠯ ᠲᠣᠭᠲᠠᠭᠤᠨ ᠢᠶᠠᠷ ᠨᠡᠮᠡᠭᠳᠡᠵᠦ᠂ ᠴᠠᠬᠢᠯᠭᠠᠨ | ᠬᠦᠴᠦᠨ ᠤ ᠦᠢᠯᠡᠳᠪᠦᠷᠢᠯᠡᠯ ᠤᠨ ᠠᠯᠬᠤᠴᠠ ᠲᠦᠷᠭᠡᠳᠴᠦ᠂ 1 — 2 ᠳ᠋ᠤᠭᠠᠷ ᠰᠠᠷ᠎ᠠ ᠳᠤ ᠲᠦᠭᠦᠬᠡᠶ | ᠨᠡᠭᠦᠷᠡᠰᠦᠨ ᠤ ᠭᠠᠷᠤᠯᠲᠠ ᠵᠢᠴᠢ ᠴᠠᠬᠢᠯᠭᠠᠨ ᠭᠠᠷᠭᠠᠭᠰᠠᠨ ᠬᠡᠮᠵᠢᠶ᠎ᠡ ᠪᠥᠬᠦ ᠤᠯᠤᠰ ᠲᠤ ᠲᠡᠷᠢᠭᠦᠯᠡᠪᠡ᠃ | ᠨᠢᠭᠡ᠂ ᠨᠡᠭᠦᠷᠡᠰᠦᠨ ᠤ ᠭᠠᠷᠤᠯᠲᠠ ᠲᠣᠭᠲᠠᠭᠤᠨ ᠢᠶᠠᠷ ᠨᠡᠮᠡᠭᠳᠡᠪᠡ᠃ | 1 — 2 ᠳ᠋ᠤᠭᠠᠷ ᠰᠠᠷ᠎ᠠ ᠳᠤ᠂ ᠪᠥᠬᠦ ᠣᠷᠣᠨ ᠤ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ | ᠠᠵᠤ ᠠᠬᠤᠶᠢᠯᠠᠯ ᠤᠨ ᠲᠦᠭᠦᠬᠡᠶ ᠨᠡᠭᠦᠷᠡᠰᠦᠨ ᠤ ᠭᠠᠷᠤᠯᠲᠠ 2.03 ᠳ᠋ᠦᠩᠰᠢᠭᠤᠷ ᠲᠣᠨ ᠳᠤ ᠬᠦᠷᠴᠦ᠂ ᠪᠥᠬᠦ | ᠤᠯᠤᠰ ᠤᠨ ᠲᠡᠷᠢᠭᠦᠨ ᠳᠤ ᠣᠷᠣᠵᠤ᠂ ᠠᠳᠠᠯᠢ ᠬᠤᠭᠤᠴᠠᠭᠠᠨ ᠤ ᠬᠢ ᠠᠴᠠ 1.7% ᠪᠠᠷ ᠨᠡᠮᠡᠭᠳᠡᠵᠦ᠂ ᠰᠠᠷ᠎ᠠ ᠶᠢᠨ | ᠳᠤᠮᠳᠠᠴᠢ ᠭᠠᠷᠤᠯᠲᠠ ᠳ᠋ᠦᠩᠰᠢᠭᠤᠷ ᠲᠣᠨ ᠠᠴᠠ ᠳᠡᠭᠡᠭᠰᠢ ᠳᠤ ᠬᠥᠷᠪᠡ᠃ ᠭᠤᠷᠪᠠᠨ ᠶᠡᠭᠡ ᠭᠤᠤᠯ ᠭᠠᠷᠤᠯᠲᠠ ᠶᠢᠨ | ᠣᠷᠣᠨ ᠤ ᠭᠠᠷᠤᠯᠲᠠ ᠶᠢᠰᠦᠨ ᠬᠤᠪᠢ ᠶᠢ ᠡᠵᠡᠯᠡᠵᠦ ᠪᠠᠶᠢᠨ᠎ᠠ᠃ ᠣᠷᠳᠣᠰ ᠬᠤᠲᠠ᠂ ᠰᠢᠯᠢ ᠶᠢᠨ ᠭᠤᠣᠯ ᠠᠶᠢᠮᠠᠭ | ᠪᠣᠯᠤᠨ ᠬᠥᠯᠥᠨ ᠪᠤᠶᠢᠷ ᠬᠤᠲᠠ ᠶᠢᠨ ᠭᠤᠷᠪᠠᠨ ᠶᠡᠭᠡ ᠲᠦᠭᠦᠬᠡᠶ ᠨᠡᠭᠦᠷᠡᠰᠦᠨ ᠤ ᠭᠤᠣᠯ ᠭᠠᠷᠤᠯᠲᠠ ᠶᠢᠨ ᠣᠷᠣᠨ ᠤ | ᠭᠠᠷᠤᠯᠲᠠ ᠨᠡᠶᠢᠲᠡ 1.77 ᠳ᠋ᠦᠩᠰᠢᠭᠤᠷ ᠲᠣᠨ ᠪᠠᠶᠢᠵᠤ᠂ ᠪᠦᠬᠦ ᠣᠷᠣᠨ ᠤ ᠲᠦᠭᠦᠬᠡᠶ ᠨᠡᠭᠦᠷᠡᠰᠦᠨ ᠤ | ᠭᠠᠷᠤᠯᠲᠠ ᠶᠢᠨ 87. 0% ᠶᠢ ᠡᠵᠡᠯᠡᠵᠦ ᠪᠤᠶ᠂ ᠡᠭᠦᠨ ᠳᠤ᠂ ᠣᠷᠳᠣᠰ ᠬᠤᠲᠠ ᠶᠢᠨ ᠲᠦᠭᠦᠬᠡᠶ ᠨᠡᠭᠦᠷᠡᠰᠦᠨ ᠤ | ᠭᠠᠷᠤᠯᠲᠠ 1.36 ᠳ᠋ᠦᠩᠰᠢᠭᠤᠷ ᠲᠣᠨ ᠪᠠᠶᠢᠵᠤ᠂ 2.8% ᠪᠠᠷ ᠨᠡᠮᠡᠭᠳᠡᠵᠦ᠂ ᠪᠦᠬᠦ ᠣᠷᠣᠨ ᠤ ᠲᠦᠭᠦᠬᠡᠶ | ᠨᠡᠭᠦᠷᠡᠰᠦᠨ ᠤ ᠭᠠᠷᠤᠯᠲᠠ ᠶᠢᠨ ᠨᠡᠮᠡᠭᠳᠡᠯ ᠢ 1.9 ᠵᠠᠭᠤᠨ ᠤ ᠬᠤᠪᠢ ᠶᠢᠨ ᠴᠡᠭ ᠢᠶᠠᠷ ᠳᠠᠶᠢᠴᠢᠯᠠᠪᠠ᠃ | ᠬᠤᠶᠠᠷ᠂ ᠴᠠᠬᠢᠯᠭᠠᠨ ᠬᠦᠴᠦᠨ ᠤ ᠦᠢᠯᠡᠳᠪᠦᠷᠢᠯᠡᠯ ᠤᠨ ᠠᠯᠬᠤᠴᠠ ᠲᠦᠷᠭᠡᠳᠪᠡ᠃ | 1 — 2 ᠳ᠋ᠤᠭᠠᠷ ᠰᠠᠷ᠎ᠠ ᠳᠤ᠂ ᠪᠥᠬᠦ ᠣᠷᠣᠨ ᠤ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ | ᠠᠵᠤ ᠠᠬᠤᠶᠢᠯᠠᠯ ᠤᠨ ᠴᠠᠬᠢᠯᠭᠠᠨ ᠭᠠᠷᠭᠠᠭᠰᠠᠨ ᠬᠡᠮᠵᠢᠶ᠎ᠡ 1301.2 ᠳ᠋ᠦᠩᠰᠢᠭᠤᠷ ᠺᠢᠯᠤᠸᠠᠲ ᠴᠠᠭ ᠲᠤ ᠬᠦᠷᠴᠦ᠂ | ᠪᠥᠬᠦ ᠤᠯᠤᠰ ᠤᠨ ᠲᠡᠷᠢᠭᠦᠨ ᠳᠤ ᠣᠷᠣᠵᠤ᠂ ᠠᠳᠠᠯᠢ ᠬᠤᠭᠤᠴᠠᠭᠠᠨ ᠤ ᠬᠢ ᠠᠴᠠ 14. 0% ᠢᠶᠠᠷ ᠨᠡᠮᠡᠭᠳᠡᠵᠦ᠂ | ᠬᠤᠶᠠᠷ ᠣᠷᠣᠨᠲᠤ ᠲᠤᠭ᠎ᠠ ᠶᠢᠨ ᠨᠡᠮᠡᠭᠳᠡᠯ ᠤᠨ ᠪᠠᠶᠢᠳᠠᠯ ᠢ ᠦᠷᠭᠦᠯᠵᠢᠯᠡᠨ ᠪᠠᠲᠤᠯᠠᠪᠠ᠃ ᠢᠯᠴᠢ ᠶᠢᠨ ᠬᠦᠴᠦᠨ ᠤ | ᠴᠠᠬᠢᠯᠭᠠᠨ ᠭᠠᠷᠭᠠᠯᠲᠠ ᠶᠢᠨ ᠬᠥᠳᠡᠯᠭᠡᠬᠦ ᠦᠢᠯᠡᠳᠦᠯ ᠢᠯᠡᠷᠬᠡᠶ᠃ | 1 — 2 ᠳ᠋ᠤᠭᠠᠷ ᠰᠠᠷ᠎ᠠ ᠳᠤ᠂ ᠪᠥᠬᠦ ᠣᠷᠣᠨ ᠤ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ | ᠢᠯᠴᠢ ᠶᠢᠨ ᠴᠠᠬᠢᠯᠭᠠᠨ ᠭᠠᠷᠭᠠᠯᠲᠠ 1032. 7 ᠳ᠋ᠦᠩᠰᠢᠭᠤᠷ ᠺᠢᠯᠤᠸᠠᠲ ᠴᠠᠭ ᠲᠤ ᠬᠦᠷᠴᠦ᠂ ᠠᠳᠠᠯᠢ | ᠬᠤᠭᠤᠴᠠᠭᠠᠨ ᠤ ᠬᠢ ᠠᠴᠠ 15.9% ᠨᠡᠮᠡᠭᠳᠡᠵᠦ᠂ ᠪᠥᠬᠦ ᠣᠷᠣᠨ ᠤ ᠴᠠᠬᠢᠯᠭᠠᠨ ᠭᠠᠷᠭᠠᠯᠲᠠ ᠶᠢ 12. 4 | ᠵᠠᠭᠤᠨ ᠤ ᠬᠤᠪᠢ ᠶᠢᠨ ᠴᠡᠭ ᠨᠡᠮᠡᠭᠳᠡᠭᠦᠯᠪᠡ︔ ᠰᠠᠯᠬᠢᠨ ᠬᠦᠴᠦᠨ ᠢᠶᠠᠷ ᠴᠠᠬᠢᠯᠭᠠᠨ ᠭᠠᠷᠭᠠᠭᠰᠠᠨ ᠬᠡᠮᠵᠢᠶ᠎ᠡ 230.8 | ᠳ᠋ᠦᠩᠰᠢᠭᠤᠷ ᠺᠢᠯᠤᠸᠠᠲ ᠴᠠᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 6.2% ᠨᠡᠮᠡᠭᠳᠡᠪᠡ︔ ᠨᠡᠷᠡᠨ ᠤ | ᠡᠨᠧᠷᠭᠢ ᠶᠢᠨ ᠴᠠᠬᠢᠯᠭᠠᠨ ᠭᠠᠷᠭᠠᠯᠲᠠ ᠶᠢᠨ ᠬᠡᠮᠵᠢᠶ᠎ᠡ 30.2 ᠳ᠋ᠦᠩᠰᠢᠭᠤᠷ ᠺᠢᠯᠤᠸᠠᠲ ᠴᠠᠭ ᠲᠤ ᠬᠦᠷᠴᠦ᠂ ᠠᠳᠠᠯᠢ | ᠬᠤᠭᠤᠴᠠᠭᠠᠨ ᠤ ᠬᠢ ᠠᠴᠠ 18.4% ᠨᠡᠮᠡᠭᠳᠡᠪᠡ᠃ | 7 ᠠᠶᠢᠮᠠᠭ ᠬᠤᠲᠠ ᠶᠢᠨ ᠴᠠᠬᠢᠯᠭᠠᠨ ᠭᠠᠷᠭᠠᠭᠰᠠᠨ ᠬᠡᠮᠵᠢᠶ᠎ᠡ ᠬᠤᠶᠠᠷ ᠣᠷᠣᠨᠲᠤ ᠲᠤᠭ᠎ᠠ ᠪᠠᠷ ᠨᠡᠮᠡᠭᠳᠡᠪᠡ᠃ | ᠡᠭᠦᠨ ᠳᠤ᠂ ᠣᠷᠳᠣᠰ ᠬᠤᠲᠠ ᠶᠢᠨ ᠴᠠᠬᠢᠯᠭᠠᠨ ᠭᠠᠷᠭᠠᠭᠰᠠᠨ ᠬᠤᠪᠢ ᠶᠢᠨ ᠵᠢᠩ ᠬᠠᠮᠤᠭ ᠤᠨ ᠶᠡᠭᠡ ᠪᠠᠶᠢᠵᠤ᠂ | 327.5 ᠳ᠋ᠦᠩᠰᠢᠭᠤᠷ ᠺᠢᠯᠤᠸᠠᠲ ᠴᠠᠭ ᠬᠦᠷᠴᠦ᠂ ᠠᠳᠠᠯᠢ ᠬᠤᠭᠤᠴᠠᠭᠠᠨ ᠤ ᠬᠢ ᠠᠴᠠ 27. 2% ᠢᠶᠠᠷ | ᠨᠡᠮᠡᠭᠳᠡᠵᠦ᠂ ᠪᠥᠬᠦ ᠣᠷᠣᠨ ᠤ ᠴᠠᠬᠢᠯᠭᠠᠨ ᠭᠠᠷᠭᠠᠭᠰᠠᠨ ᠬᠡᠮᠵᠢᠶ᠎ᠡ ᠶᠢᠨ 25.2% ᠢ ᠡᠵᠡᠯᠡᠪᠡ︔ ᠠᠯᠠᠱᠠ | ᠠᠶᠢᠮᠠᠭ ᠤᠨ ᠴᠠᠬᠢᠯᠭᠠᠨ ᠭᠠᠷᠭᠠᠬᠤ ᠬᠡᠮᠵᠢᠶ᠎ᠡ ᠶᠢᠨ ᠨᠡᠮᠡᠭᠳᠡᠯ ᠤᠨ ᠬᠤᠷᠳᠤᠴᠠ ᠬᠠᠮᠤᠭ ᠤᠨ ᠥᠨᠳᠥᠷ ᠪᠠᠶᠢᠵᠤ᠂ | ᠠᠳᠠᠯᠢ ᠬᠤᠭᠤᠴᠠᠭᠠᠨ ᠤ ᠬᠢ ᠠᠴᠠ 35.4% ᠪᠠᠷ ᠨᠡᠮᠡᠭᠳᠡᠪᠡ᠃ | |