ᠬᠡᠷᠡᠭᠯᠡᠭᠡᠨ ᠤ ᠵᠦᠢᠯ ᠤᠨ ᠬᠠᠭᠤᠴᠢᠨ ᠢᠶᠠᠷ ᠰᠢᠨ᠎ᠡ ᠶᠢ ᠰᠣᠯᠢᠬᠤ ᠶᠢ ᠪᠦᠬᠦ ᠤᠯᠤᠰ ᠤᠨ ᠡᠯ᠎ᠡ ᠭᠠᠵᠠᠷ ᠲᠤ | ᠥᠷᠨᠢᠭᠦᠯᠵᠦ ᠪᠤᠢ᠂ ᠬᠡᠷᠬᠢᠨ ᠬᠡᠷᠡᠭᠯᠡᠭᠴᠢᠳ ᠲᠤ ᠦᠨᠡᠨ ᠬᠦ ᠠᠰᠢᠭ ᠬᠦᠷᠲᠡᠭᠡᠬᠦ ᠪᠤᠢ︖ ᠬᠤᠳᠠᠯᠳᠤᠭᠠᠨ ᠤ | ᠶᠠᠪᠤᠳᠠᠯ ᠤᠨ ᠶᠠᠮᠤᠨ ᠤ ᠵᠠᠬ᠎ᠠ ᠳᠡᠯᠭᠡᠭᠦᠷ ᠤᠨ ᠠᠵᠢᠯᠯᠠᠭ᠎ᠠ ᠪᠠ ᠬᠡᠷᠡᠭᠯᠡᠭᠡ ᠶᠢ ᠠᠬᠢᠭᠤᠯᠬᠤ ᠵᠤᠷᠭᠠᠨ ᠤ ᠳᠠᠷᠤᠭ᠎ᠠ | ᠰᠢᠦᠢ ᠰᠢᠩ ᠹᠧᠩ ᠲᠦᠷᠦᠭᠦᠬᠡᠨ ᠢᠯᠡᠷᠬᠡᠶᠢᠯᠡᠭᠰᠡᠨ ᠨᠢ᠂ ᠬᠡᠷᠡᠭᠯᠡᠭᠴᠢᠳ ᠤᠨ ᠬᠦᠰᠡᠯᠲᠡ ᠶᠢ ᠬᠦᠨᠳᠦᠳᠬᠡᠬᠦ᠂ | ᠬᠡᠷᠡᠭᠯᠡᠭᠴᠢᠳ ᠤᠨ ᠱᠠᠭᠠᠷᠳᠠᠯᠭ᠎ᠠ ᠳᠤ ᠬᠠᠷᠢᠭᠤ ᠥᠭᠬᠦ ᠵᠠᠷᠴᠢᠮ ᠶᠣᠰᠣᠭᠠᠷ᠂ ᠬᠤᠳᠠᠯᠳᠤᠭᠠᠨ ᠤ ᠶᠠᠪᠤᠳᠠᠯ ᠤᠨ ᠶᠠᠮᠤᠨ | ᠣᠯᠠᠨ ᠰᠠᠯᠠᠭ᠎ᠠ ᠮᠥᠴᠢᠷ ᠤᠳ ᠲᠠᠢ ᠬᠠᠮᠲᠤᠷᠠᠨ ᠣᠯᠠᠨ ᠵᠦᠢᠯ ᠤᠨ ᠠᠷᠭ᠎ᠠ ᠬᠡᠮᠵᠢᠶ᠎ᠡ ᠶᠢ ᠵᠡᠷᠭᠡ ᠪᠠᠷ ᠬᠡᠷᠡᠭᠯᠡᠨ | ᠬᠡᠷᠡᠭᠯᠡᠭᠴᠢᠳ ᠲᠤ ᠨᠠᠩ ᠢᠯᠡᠭᠦᠦ ᠬᠦᠷᠲᠡᠮᠵᠢ ᠶᠢᠨ ᠲᠥᠷᠥᠭᠳᠡᠯ ᠣᠯᠭᠤᠨ᠎ᠠ ᠭᠡᠵᠡᠢ᠃ | ᠮᠠᠰᠢᠨ ᠲᠡᠷᠭᠡᠨ ᠤ ᠬᠠᠭᠤᠴᠢᠨ ᠢᠶᠠᠷ ᠰᠢᠨ᠎ᠡ ᠶᠢ ᠰᠣᠯᠢᠬᠤ ᠲᠠᠯ᠎ᠠ ᠪᠠᠷ᠂ ᠨᠢᠭᠡ ᠳᠤ ᠮᠠᠰᠢᠨ ᠲᠡᠷᠭᠡ | ᠬᠤᠳᠠᠯᠳᠤᠨ ᠠᠪᠬᠤ ᠳᠤ ᠨᠠᠩ ᠠᠰᠢᠭᠲᠠᠢ ᠪᠣᠯᠭᠠᠵᠤ᠂ ᠡᠳ᠋ ᠤᠨ ᠵᠠᠰᠠᠭ᠂ ᠭᠠᠶᠢᠯᠢ ᠲᠠᠲᠠᠪᠤᠷᠢ᠂ ᠢᠲᠡᠭᠡᠮᠵᠢᠲᠦ | ᠵᠢᠭᠡᠯᠡᠯᠭᠡ᠂ ᠳᠠᠭᠠᠳᠬᠠᠯ ᠵᠡᠷᠭᠡ ᠡᠯ᠎ᠡ ᠵᠠᠩᠭᠢᠯᠠᠭ᠎ᠠ ᠨᠤᠭᠤᠳ ᠠᠴᠠ ᠠᠰᠢᠭ ᠣᠯᠭᠤᠵᠤ᠂ ᠮᠠᠰᠢᠨ ᠲᠡᠷᠭᠡ ᠬᠤᠳᠠᠯᠳᠤᠨ | ᠠᠪᠬᠤ ᠥᠪᠡᠷ ᠤᠨ ᠥᠷᠲᠡᠭ ᠢ ᠪᠠᠭᠤᠷᠠᠭᠤᠯᠤᠨ᠎ᠠ︔ ᠬᠤᠶᠠᠷ ᠲᠤ ᠮᠠᠰᠢᠨ ᠲᠡᠷᠭᠡ ᠬᠡᠷᠡᠭᠯᠡᠬᠦ ᠳᠤ ᠨᠠᠩ ᠳᠥᠭᠦᠮᠯᠡᠵᠦ᠂ | ᠴᠠᠬᠢᠯᠭᠠᠨ ᠴᠡᠨᠡᠭᠯᠡᠬᠦ᠂ ᠲᠡᠷᠭᠡ ᠵᠣᠭᠰᠤᠭᠠᠬᠤ᠂ ᠣᠶᠤᠨᠲᠤ ᠵᠠᠮ ᠬᠠᠷᠢᠯᠴᠠᠭ᠎ᠠ ᠵᠡᠷᠭᠡ ᠰᠠᠭᠤᠷᠢ ᠪᠡᠯᠡᠳᠬᠡᠮᠵᠢ ᠨᠦᠭᠦᠳ ᠢ | ᠤᠯᠠᠮ ᠲᠡᠭᠦᠯᠳᠡᠷᠵᠢᠭᠦᠯᠵᠦ᠂ ᠮᠠᠰᠢᠨ ᠲᠡᠷᠭᠡᠨ ᠤ ᠭᠦᠢᠯᠭᠡᠭᠡ ᠶᠢᠨ ᠬᠡᠷᠡᠭᠯᠡᠭᠡᠨ ᠤ ᠥᠭᠡᠷᠡᠴᠢᠯᠡᠯᠲᠡ ᠶᠢᠨ ᠲᠤᠷᠰᠢᠯᠲᠠ ᠶᠢ | ᠥᠷᠨᠢᠭᠦᠯᠵᠦ᠂ ᠮᠠᠰᠢᠨ ᠲᠡᠷᠭᠡ ᠶᠢ ᠥᠭᠡᠷᠡᠴᠢᠯᠡᠨ ᠤᠭᠰᠠᠷᠠᠬᠤ᠂ ᠲᠦᠷᠢᠶᠡᠰᠦᠯᠡᠬᠦ᠂ ᠭᠡᠷ ᠲᠡᠷᠭᠡ ᠪᠠᠷ ᠬᠡᠭᠡᠷ᠎ᠡ | ᠪᠠᠭᠤᠳᠠᠯᠯᠠᠬᠤ᠂ ᠪᠡᠶ᠎ᠡ ᠶᠢᠨ ᠲᠠᠮᠢᠷ ᠤᠨ ᠤᠷᠤᠯᠳᠤᠭᠠᠨ ᠶᠠᠪᠤᠭᠤᠯᠬᠤ᠂ ᠤᠯᠠᠮᠵᠢᠯᠠᠯᠲᠤ ᠰᠣᠩᠭᠤᠳᠠᠭ ᠮᠠᠰᠢᠨ ᠲᠡᠷᠭᠡ | ︵ᠬᠠᠭᠤᠴᠢᠨ ᠤ ᠲᠡᠷᠭᠡ︶ ᠵᠡᠷᠭᠡ ᠠᠵᠢᠯ ᠲᠥᠷᠥᠯ ᠤᠳ ᠤᠨ ᠬᠥᠭᠵᠢᠯᠲᠡ ᠶᠢ ᠳᠡᠮᠵᠢᠨ᠎ᠡ︔ ᠭᠤᠷᠪᠠ ᠳᠤ ᠮᠠᠰᠢᠨ ᠲᠡᠷᠭᠡ | ᠬᠤᠳᠠᠯᠳᠤᠬᠤ ᠳᠤ ᠨᠠᠩ ᠰᠠᠨᠠᠭ᠎ᠠ ᠠᠮᠤᠷ ᠪᠣᠯᠭᠠᠵᠤ᠂ ᠭᠠᠷ ᠳᠠᠮᠵᠢᠭᠰᠠᠨ ᠮᠠᠰᠢᠨ ᠲᠡᠷᠭᠡ ᠶᠢ ᠪᠥᠬᠦ ᠤᠯᠤᠰ ᠤᠨ | ᠬᠡᠪᠴᠢᠶᠡᠨ ᠳᠤ ᠰᠢᠯᠵᠢᠭᠦᠯᠬᠦ ᠬᠢᠵᠠᠭᠠᠷᠯᠠᠯ ᠢ ᠴᠤᠴᠠᠯᠬᠤ ᠶᠢ ᠠᠬᠢᠭᠤᠯᠵᠤ᠂ ᠭᠠᠷ ᠳᠠᠮᠵᠢᠭᠰᠠᠨ ᠮᠠᠰᠢᠨ ᠲᠡᠷᠭᠡ ᠶᠢᠨ | ᠮᠡᠳᠡᠭᠡ ᠵᠠᠩᠭᠢ ᠶᠢ ᠯᠠᠪᠯᠠᠬᠤ ᠲᠠᠪᠴᠠᠩ ᠢ ᠪᠠᠶᠢᠭᠤᠯᠤᠨ᠎ᠠ︔ ᠳᠥᠷᠪᠡ ᠳᠤ ᠬᠡᠷᠡᠭᠯᠡᠭᠡᠨ ᠠᠴᠠ ᠭᠠᠷᠭᠠᠬᠤ ᠳᠤ ᠨᠠᠩ | ᠳᠥᠭᠦᠮᠯᠡᠵᠦ᠂ ᠵᠠᠳᠠᠯᠵᠤ ᠰᠠᠯᠭᠠᠬᠤ ᠠᠵᠤ ᠠᠬᠤᠶᠢᠯᠠᠯ ᠤᠨ ᠭᠡᠷ ᠲᠤ ᠨᠢ ᠬᠦᠷᠴᠦ ᠲᠡᠷᠭᠡ ᠬᠤᠷᠢᠶᠠᠬᠤ ᠶᠢ | ᠵᠣᠷᠢᠭᠵᠢᠭᠤᠯᠵᠤ᠂ ᠲᠡᠷᠭᠡᠨ ᠤ ᠡᠵᠡᠨ ᠤ ᠬᠡᠷᠡᠭᠯᠡᠭᠡᠨ ᠠᠴᠠ ᠭᠠᠷᠭᠠᠭᠰᠠᠨ ᠲᠡᠷᠭᠡ ᠪᠠᠨ ᠬᠤᠳᠠᠯᠳᠤᠬᠤ ᠳᠤ ᠨᠠᠩ | ᠳᠥᠭᠦᠮᠯᠡᠨᠡ᠃ ᠭᠡᠷ ᠤᠨ ᠴᠠᠬᠢᠯᠭᠠᠨ ᠬᠡᠷᠡᠭᠰᠡᠯ᠂ ᠭᠡᠷ ᠤᠨ ᠴᠢᠮᠡᠭᠯᠡᠯ ᠲᠣᠭᠤᠭᠠᠨ ᠭᠡᠷ ᠵᠣᠷᠯᠣᠩ ᠤᠨ | ᠰᠢᠨ᠎ᠡ ᠶᠢ ᠰᠣᠯᠢᠬᠤ ᠲᠠᠯ᠎ᠠ ᠪᠠᠷ᠂ ᠨᠢᠭᠡ ᠳᠤ ᠬᠡᠷᠡᠭᠯᠡᠭᠡ ᠳᠤ ᠳᠥᠭᠦᠮᠯᠡᠬᠦ ᠶᠢ ᠳᠣᠪᠤᠶᠢᠯᠭᠠᠵᠤ᠂ ︽ᠬᠠᠳᠠᠭᠠᠯᠠᠬᠤ ᠥᠷᠥᠭᠡ︾ | ︽ᠬᠤᠷᠢᠶᠠᠬᠤ ᠥᠷᠲᠡᠭᠡ︾ ︽ᠡᠷᠭᠢᠯᠲᠡ ᠶᠢᠨ ᠥᠷᠥᠭᠡ︾ ᠪᠠᠶᠢᠭᠤᠯᠬᠤ ᠶᠢ ᠵᠣᠷᠢᠭᠵᠢᠭᠤᠯᠵᠤ᠂ ᠪᠠᠰᠠ | ︽ᠢᠨᠲ᠋ᠧᠷ ᠰᠦᠯᠵᠢᠶ᠎ᠡ + ᠬᠤᠷᠢᠶᠠᠬᠤ︾᠂ ︽ᠬᠠᠭᠤᠴᠢᠨ ᠢ ᠬᠤᠷᠢᠶᠠᠬᠤ᠂ ᠰᠢᠨ᠎ᠡ ᠶᠢ ᠬᠦᠷᠭᠡᠬᠦ᠂ ᠵᠠᠳᠠᠯᠵᠤ | ᠤᠭᠰᠠᠷᠠᠬᠤ ᠶᠢ ᠨᠢᠭᠡ ᠥᠷᠲᠡᠭᠡᠴᠢᠯᠡᠬᠦ︾ ᠶᠢ ᠵᠣᠷᠢᠭᠵᠢᠭᠤᠯᠤᠨ᠎ᠠ︔ ᠬᠤᠶᠠᠷ ᠲᠤ ᠮᠡᠳᠡᠭᠡ ᠵᠠᠩᠭᠢ ᠶᠢᠨ ᠢᠯᠡ | ᠪᠠᠶᠢᠬᠤ ᠶᠢ ᠲᠣᠪᠤᠶᠢᠯᠭᠠᠨ᠂ ᠪᠣᠬᠢᠷᠲᠤᠯ ᠦᠭᠡᠢ ᠪᠠᠷᠢᠯᠭ᠎ᠠ ᠶᠢᠨ ᠮᠠᠲ᠋ᠧᠷᠢᠶᠠᠯ ᠢ ᠬᠥᠳᠡᠭᠡ ᠪᠠᠭᠤᠯᠭᠠᠬᠤ ᠠᠵᠢᠯᠯᠠᠭ᠎ᠠ ᠶᠢ | ᠥᠷᠨᠢᠭᠦᠯᠵᠦ᠂ ᠨᠠᠰᠤᠵᠢᠯ ᠳᠤ ᠲᠣᠬᠢᠷᠠᠭᠰᠠᠨ ᠭᠡᠷ ᠤᠨ ᠬᠡᠷᠡᠭᠰᠡᠯ ᠤᠨ ᠨᠡᠷᠡᠰ ᠤᠨ ᠵᠢᠭᠰᠠᠭᠠᠯᠲᠠ ᠶᠢ | ᠬᠥᠳᠡᠯᠦᠩᠭᠦᠢ ᠪᠠᠷ ᠲᠡᠭᠦᠯᠳᠡᠷᠵᠢᠭᠦᠯᠵᠦ᠂ ᠭᠡᠷ ᠤᠨ ᠴᠢᠮᠡᠭᠯᠡᠯ ᠤᠨ ︽ᠵᠠᠭᠪᠤᠷ ᠥᠷᠥᠭᠡ︾ ᠶᠢ ᠬᠤᠳᠠᠯᠳᠤᠭᠠᠨ ᠤ | ᠲᠠᠯᠠᠪᠤᠷ ᠲᠤ᠂ ᠨᠡᠶᠢᠭᠡᠮ ᠲᠣᠭᠤᠷᠢᠭ ᠲᠤ᠂ ᠲᠠᠪᠴᠠᠩ ᠳᠤ ᠣᠷᠣᠭᠤᠯᠬᠤ ᠶᠢ ᠠᠬᠢᠭᠤᠯᠤᠨ᠎ᠠ︔ ᠭᠤᠷᠪᠠ ᠳᠤ ᠣᠶᠤᠨᠲᠤ | ᠮᠥᠷᠲᠡᠭᠡᠨ ᠳᠥᠭᠦᠮ ᠢ ᠲᠤᠪᠤᠶᠢᠯᠭᠠᠵᠦ᠂ ᠣᠶᠤᠨᠲᠤ ᠭᠡᠷ ᠤᠨ ᠬᠡᠷᠡᠭᠰᠡᠯ ᠤᠨ ᠬᠤᠯᠪᠣᠯᠳᠤᠨ ᠨᠡᠪᠲᠡᠷᠡᠯᠴᠡᠬᠦ | ᠪᠠᠷᠢᠮᠵᠢᠶ᠎ᠠ ᠶᠢ ᠲᠦᠷᠭᠡᠨ ᠲᠡᠭᠦᠯᠳᠡᠷᠵᠢᠭᠦᠯᠵᠦ᠂ ᠣᠶᠤᠨᠲᠤ ᠪᠦᠲᠦᠭᠡᠭᠳᠡᠬᠦᠨ ᠨᠦᠭᠦᠳ ᠢ ᠨᠡᠩ ᠤᠯᠠᠨ ᠠᠮᠢᠳᠤᠷᠠᠯ ᠤᠨ | ᠲᠠᠯᠠᠪᠤᠷ ᠲᠤ ᠨᠠᠶᠢᠳᠠᠪᠤᠷᠢᠵᠢᠭᠤᠯᠬᠤ ᠶᠢ ᠠᠬᠢᠭᠤᠯᠤᠨ᠎ᠠ︔ ᠳᠥᠷᠪᠡ ᠳᠤ ᠣᠷᠴᠢᠨ ᠠᠬᠤᠢ ᠶᠢ ᠰᠢᠯᠢᠳᠡᠭᠵᠢᠭᠦᠯᠬᠦ ᠶᠢ | ᠳᠣᠪᠤᠶᠢᠯᠭᠠᠵᠤ᠂ ︽ᠰᠠᠨᠠᠭ᠎ᠠ ᠠᠮᠤᠷ ᠭᠡᠷ ᠤᠨ ᠬᠡᠷᠡᠭᠰᠡᠯ ᠢ ᠨᠡᠶᠢᠭᠡᠮ ᠲᠣᠭᠤᠷᠢᠭ ᠲᠤ ᠣᠷᠣᠭᠤᠯᠬᠤ︾᠂ ᠭᠡᠷ ᠤᠨ | ᠴᠠᠬᠢᠯᠭᠠᠨ ᠬᠡᠷᠡᠭᠰᠡᠯ ᠤᠨ ᠪᠣᠷᠤᠯᠠᠭᠤᠯᠭ᠎ᠠ ᠶᠢᠨ ᠳᠠᠷᠠᠭᠠᠬᠢ ᠦᠢᠯᠡᠴᠢᠯᠡᠭᠡ ᠶᠢ ᠳᠡᠭᠡᠭᠰᠢᠯᠡᠭᠦᠯᠬᠦ ᠵᠡᠷᠭᠡ | ᠠᠵᠢᠯᠯᠠᠭ᠎ᠠ ᠨᠤᠭᠤᠳ ᠢ ᠵᠣᠬᠢᠶᠠᠨ ᠪᠠᠶᠢᠭᠤᠯᠤᠨ ᠥᠷᠨᠢᠭᠦᠯᠦᠨ᠎ᠡ᠃ |