ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ  ᠨᠡᠮᠡᠷᠢᠯᠡᠶ᠎ᠡ
ᠨᠡᠶᠢᠲᠡᠯᠡᠭᠰᠡᠨ ᠴᠠᠭ᠄
2024/5/8
    1 ᠰᠠᠷ᠎ᠠ ᠠᠴᠠ ᠨᠡᠱᠢ᠂ ᠪᠤᠭᠤᠲᠤ ᠶᠢᠨ ᠰᠣᠷᠢᠨᠵᠢᠨ ᠰᠢᠨ ᠡᠯᠧᠺᠲᠷᠣᠨ ᠤ ᠬᠢᠵᠠᠭᠠᠷᠲᠤ ᠺᠣᠮᠫᠠᠨᠢ ᠨᠢ ᠵᠢᠯ ᠳᠤ 1ᠳ᠋ᠦᠩᠰᠢᠭᠤᠷ ᠰᠤᠪᠤᠳ ᠬᠡᠯᠪᠡᠷᠢ ᠶᠢᠨ  ᠰᠢᠨ᠎ᠡ ᠬᠡᠯᠪᠡᠷᠢ ᠶᠢᠨ ᠴᠡᠴ ᠡᠷᠡᠯ ᠰᠡᠷᠭᠡᠢᠯᠡᠬᠦ  ᠮᠠ ᠳ᠋ᠠ ᠦᠢᠯᠡᠳᠪᠦᠷᠢᠯᠡᠬᠦ ᠠᠵᠤ ᠦᠢᠯᠡᠰ ᠤᠨ ᠰᠠᠭᠤᠷᠢᠨ ᠭᠠᠵᠠᠷ ᠤᠨ ᠲᠥᠷᠥᠯ ᠵᠦᠢᠯ ᠢ ᠶᠠᠭ ᠱᠠᠯᠠᠪᠳᠠᠨ ᠪᠠᠢᠭᠤᠯᠵᠤ  ᠪᠠᠶᠢᠨ᠎ᠠ᠃ ᠲᠤᠷᠰᠢᠨ ᠦᠢᠯᠡᠳᠪᠦᠷᠢᠯᠡᠬᠦ‍ ᠨᠢᠭᠡ ᠦᠢᠯᠡᠳᠪᠦᠷᠢᠯᠡᠯ ᠤᠨ ᠱᠤᠭᠤᠮ᠂ ᠵᠠᠬᠢᠶᠠᠯᠠᠭ᠎ᠠ ᠨᠢ 2025 ᠣᠨ ᠤ ᠡᠴᠦᠰ ᠪᠣᠯᠲᠠᠯ᠎ᠠ ᠵᠢᠭᠰᠠᠭᠠᠪᠠ᠃
     ᠣᠶᠢᠯᠠᠭᠠᠭᠰᠠᠨ ᠢᠶᠠᠷ᠂ ᠲᠣᠰ ᠲᠥᠷᠥᠯ ᠵᠦᠢᠯ ᠤᠨ ᠭᠤᠤᠯ ᠡᠵᠡᠩᠨᠡᠵᠦ ᠪᠠᠶᠢᠭ᠎ᠠ ᠦᠢᠯᠡᠳᠭᠦᠨ ᠤ ᠰᠤᠪᠳᠠᠭ ᠬᠡᠯᠪᠡᠷᠢᠲᠦ ᠰᠢᠨ᠎ᠡ ᠬᠡᠯᠪᠡᠷᠢ ᠶᠢᠨ ᠴᠡᠴᠡᠷᠡᠯ ᠰᠡᠷᠭᠡᠶᠢᠯᠡᠬᠦ  ᠭᠠᠵᠠᠷ ᠨᠢ ᠬᠤᠪᠣᠷ ᠰᠢᠷᠣᠶ ᠶᠢᠨ ᠠᠵᠤ ᠦᠢᠯᠡᠰ ᠤᠨ ᠬᠡᠯᠬᠢᠶ᠎ᠡ ᠶᠢᠨ ᠦᠵᠦᠭᠦᠷ ᠤᠨ ᠬᠡᠷᠡᠭᠯᠡᠭᠡᠨ ᠤ ᠦᠢᠯᠡᠳᠬᠦᠨ ᠳᠤ ᠬᠠᠷᠢᠶᠠᠯᠠᠭᠳᠠᠵᠤ᠂ ᠭᠤᠤᠯᠳᠠᠭᠤ ᠣᠶᠤᠨᠴᠢ ᠭᠠᠷ ᠤᠲᠠᠰᠤᠨ ᠤ ᠰᠡᠭᠦᠳᠡᠷᠯᠡᠬᠦ ᠮᠠᠰᠢᠨ ᠳᠤ ᠬᠡᠷᠡᠭᠯᠡᠨ᠎ᠡ᠃ ᠺᠤᠷᠢᠶᠠ ᠶᠢᠨ ᠰᠣᠷᠢᠨᠵᠢᠨᠲᠤ ᠡᠯᠧᠺᠲᠷᠣᠨ ᠳᠡᠯᠡᠬᠡᠢ ᠶᠢᠨ ᠲᠡᠷᠢᠭᠦᠨ ᠤ ᠰᠢᠨ᠎ᠡ ᠶᠢ ᠡᠭᠦᠳᠬᠦ ᠮᠡᠷᠭᠡᠵᠢᠯ ᠵᠢᠴᠢ ᠵᠢᠶᠠᠩ ᠰᠢᠨ ᠪᠢᠴᠢᠯ ᠴᠠᠬᠢᠯᠭᠠᠨ ᠮᠠᠰᠢᠨ ᠤ ᠬᠤᠪᠣᠷ ᠰᠢᠷᠣᠢ ᠶᠢᠨ ᠲᠣᠭᠲᠠᠮᠠᠯ ᠰᠣᠷᠢᠨᠵᠢᠨ ᠴᠠᠬᠢᠯᠭᠠᠨ ᠮᠠᠰᠢᠨ ᠤ ᠪᠦᠬᠦ ᠪᠥᠮᠪᠥᠷᠴᠡᠭ ᠤᠨ ᠠᠩᠬᠠᠳᠠᠭᠴᠢ ᠣᠶᠤᠨᠴᠢ ᠦᠢᠯᠡᠳᠬᠦ ᠱᠤᠭᠤᠮ - ᠣᠯᠠᠨ ᠲᠡᠮᠦᠷ ᠵᠠᠮ ᠤᠨ ᠪᠦᠷᠢᠨ ᠠᠦ᠋ᠲ᠋ᠣᠴᠢᠯᠠᠭᠰᠠᠨ ᠦᠢᠯᠡᠳᠪᠦᠷᠢᠯᠡᠬᠦ ᠱᠤᠭᠤᠮ ᠤᠨ ᠲᠡᠷᠢᠭᠦᠨ ᠤ ᠪᠠᠶᠢᠷᠢ ᠰᠠᠭᠤᠷᠢ ᠳᠤ ᠲᠦᠰᠢᠭᠯᠡᠨ᠂ 2025 ᠣᠨ ᠪᠣᠯᠬᠤ ᠳᠤ ᠴᠡᠴᠡᠷᠡᠬᠦ ᠶᠢ ᠰᠡᠷᠭᠡᠶᠢᠯᠡᠬᠦ  ᠮᠠ ᠳ᠋ᠠ‌ᠦᠢᠯᠡᠳᠪᠦᠷᠢᠯᠡᠬᠦ ᠱᠤᠭᠤᠮ ᠢ 4 ᠪᠠᠶᠢᠭᠤᠯᠵᠤ᠂ ᠦᠢᠯᠡᠳᠪᠦᠷᠢᠯᠡᠬᠦ ᠴᠢᠳᠠᠪᠤᠷᠢ ᠨᠢ ᠪᠦᠬᠦ ᠪᠥᠮᠪᠥᠷᠴᠡᠭ ᠤᠨ ᠴᠡᠴᠡᠷᠡᠬᠦ ᠶᠢ ᠰᠡᠷᠭᠡᠶᠢᠯᠡᠬᠦ  ᠮᠠ ᠳ᠋ᠠ  ᠶᠢᠨ ᠵᠠᠬ᠎ᠠ ᠳᠡᠯᠭᠡᠭᠦᠷ ᠤᠨ 50% ᠠᠴᠠ ᠳᠡᠭᠡᠭᠰᠢᠬᠢ ᠶᠢ ᠡᠵᠡᠯᠡᠬᠦ ᠪᠣᠯᠤᠨ᠎ᠠ᠃ ᠲᠤᠬᠠᠢ ᠶᠢᠨ ᠣᠢᠶ᠎ᠠ ᠳᠤ᠂ ᠼᠢ ᠱᠢᠨ ᠡᠯᠧᠺᠲᠷᠣᠨ ᠨᠢ ᠪᠦᠬᠦ ᠪᠥᠮᠪᠥᠷᠴᠡᠭ ᠤᠨ ᠬᠠᠮᠤᠭ ᠶᠡᠭᠡ OIS ᠢ ᠶᠢᠨ ᠴᠡᠴᠡᠷᠡᠯ ᠰᠡᠷᠭᠡᠢᠯᠡᠬᠦ ᠮᠠ ᠳ᠋ᠠ ᠦᠢᠯᠡᠳᠪᠦᠷᠢᠯᠡᠬᠦ ᠠᠵᠤ ᠠᠬᠤᠢᠯᠠᠯ ᠪᠣᠯᠬᠤ ᠪᠣᠯᠤᠨ᠎ᠠ᠃      ᠵᠢᠶᠠᠩ ᠰᠢᠨ ᠪᠢᠴᠢᠯ ᠴᠠᠬᠢᠯᠭᠠᠨ ᠮᠠᠰᠢᠨ ᠤ ᠬᠡᠷᠡᠭ ᠮᠡᠳᠡᠭᠴᠢᠳ ᠤᠨ ᠳᠠᠷᠤᠭ᠎ᠠ ᠭᠦᠸᠧ ᠶᠠᠨ ᠴᠦᠨ᠄ ︽ᠼᠢ ᠱᠢᠨ ᠡᠯᠧᠺᠲᠷᠣᠨ ᠤ ᠦᠢᠯᠡᠳᠪᠦᠷᠢᠯᠡᠯ ᠤᠨ ᠪᠤᠴᠠᠯᠲᠠ ᠦᠭᠡᠢ ᠮᠠ ᠳ᠋ᠠ ᠪᠣᠯ ᠵᠢᠶᠠᠩ ᠱᠢᠨ ᠪᠢᠴᠢᠯ ᠴᠠᠬᠢᠯᠭᠠᠨ ᠬᠥᠳᠡᠯᠭᠡᠭᠦᠷ ᠤᠨ ᠠᠵᠤ ᠦᠢᠯᠡᠰ ᠤᠨ ᠬᠡᠯᠬᠢᠶ᠎ᠡ ᠶᠢᠨ ᠤᠷᠲᠤᠳᠬᠠᠭᠰᠠᠨ ᠦᠢᠯᠡᠳᠬᠦᠨ ᠪᠣᠯᠤᠨ᠎ᠠ᠃ ᠵᠢᠶᠠᠩ ᠰᠢᠨ ᠪᠢᠴᠢᠯ ᠴᠠᠬᠢᠯᠭᠠᠨ ᠮᠠᠰᠢᠨ 4 ᠬᠡᠰᠡᠭ ᠰᠤᠷᠢᠨᠵᠢᠨ ᠲᠡᠮᠦᠷ ᠨᠢ ᠬᠡᠦᠷᠰᠢᠭᠦᠯᠬᠦ ᠴᠢᠳᠠᠮᠵᠢ ᠶᠢ ᠪᠠᠲᠤᠯᠠᠭᠰᠠᠨ ᠰᠠᠭᠤᠷᠢᠨ ᠳᠡᠭᠡᠷ᠎ᠡ᠂ ᠪᠠᠰᠠ 4 ᠬᠡᠰᠡᠭ ᠰᠤᠷᠢᠨᠵᠢᠨ ᠲᠡᠮᠦᠷ ᠨᠢ ᠰᠤᠷᠢᠨᠵᠢᠨ ᠣᠷᠣᠨ ᠪᠣᠯᠵᠤ᠂ ᠭᠠᠷ ᠨᠢ ᠬᠥᠳᠡᠯᠬᠦ ᠦᠶ᠎ᠡ ᠳᠤ ᠡᠭᠦᠯᠡᠨ ᠲᠠᠪᠴᠠᠩ ᠳᠤ ᠠᠵᠢᠯᠯᠠᠬᠤ ᠶᠢ ᠪᠠᠲᠤᠯᠠᠬᠤ ᠨᠢ ᠢᠮᠠᠭᠲᠠ ᠲᠥᠪ ᠭᠤᠣᠯ ᠳᠤ ᠪᠠᠶᠢᠳᠠᠭ᠃ ᠣᠳᠣᠬᠠᠨ ᠳᠤ᠂ ᠪᠥᠬᠦ ᠳᠡᠯᠡᠬᠡᠶ ᠶᠢᠨ ᠵᠥᠪᠬᠡᠨ ᠭᠤᠷᠪᠠᠨ ᠣᠳᠣᠲᠤ᠂ ᠺᠣᠷᠢᠶᠠ ᠶᠢᠨ ᠰᠤᠷᠢᠨᠵᠢᠨ ᠡᠯᠧᠺᠲᠷᠣᠨ᠂ ᠪᠤᠭᠤᠲᠤ ᠶᠢᠨ ᠼᠢ ᠰᠢᠨ ᠭᠤᠷᠪᠠᠨ ᠠᠵᠤ ᠠᠬᠤᠶᠢᠯᠠᠯ ᠴᠡᠴᠡᠷᠬᠢᠯᠡᠯ ᠢ ᠰᠡᠷᠭᠡᠶᠢᠯᠡᠬᠦ ᠠᠭᠲᠠ ᠦᠢᠯᠡᠳᠴᠦ᠂ ᠠᠵᠤ ᠠᠬᠤᠶᠢᠯᠠᠯ ᠪᠦᠬᠦᠨ ᠢᠶᠠᠷ ᠢᠶᠠᠨ ᠦᠢᠯᠡᠳᠪᠦᠷᠢᠯᠡᠯ ᠳᠤ ᠤᠷᠤᠭᠰᠠᠨ ᠤ ᠳᠠᠷᠠᠭ᠎ᠠ᠂ ᠦᠢᠯᠡᠳᠬᠦᠨ ᠤ ᠥᠷᠲᠡᠭ ᠨᠢ 8 ᠳ᠋ᠦᠩᠰᠢᠭᠤᠷ ᠲᠥᠭᠦᠷᠢᠭ ᠲᠤ ᠬᠥᠷᠬᠦ ᠪᠣᠯᠤᠨ᠎ᠠ᠃      ᠭᠦᠸᠧ ᠶᠠᠨ ᠴᠦᠨ ᠢᠯᠡᠷᠬᠡᠶᠢᠯᠡᠬᠦ ᠳᠡᠭᠡᠨ᠂ ᠲᠣᠰ ᠲᠥᠷᠥᠯ ᠵᠦᠢᠯ ᠤᠨ ᠦᠢᠯᠡᠳᠪᠦᠷᠢᠯᠡᠯ ᠤᠨ ᠲᠥᠬᠦᠭᠡᠷᠦᠮᠵᠢ ᠶᠢ ᠵᠢᠶᠠᠩ ᠰᠢᠨ ᠪᠢᠴᠢᠯ ᠴᠠᠬᠢᠯᠭᠠᠨ ᠬᠥᠳᠡᠯᠭᠡᠭᠦᠷ ᠢ ᠪᠡᠶ᠎ᠡ ᠪᠠᠨ ᠳᠠᠭᠠᠭᠠᠵᠤ ᠰᠤᠳᠤᠯᠤᠨ ᠨᠡᠭᠡᠭᠡᠵᠦ᠂ ᠪᠠᠶᠢᠴᠠᠭᠠᠨ ᠰᠢᠯᠭᠠᠬᠤ ᠲᠥᠬᠦᠭᠡᠷᠦᠮᠵᠢ ᠶᠢ ᠺᠣᠷᠢᠶᠠ ᠶᠢᠨ ᠰᠣᠷᠢᠨᠵᠢᠨᠲᠤ ᠡᠯᠧᠺᠲᠷᠣᠨ ᠪᠡᠶ᠎ᠡ ᠪᠠᠨ ᠳᠠᠭᠠᠭᠠᠵᠤ ᠰᠤᠳᠤᠯᠤᠨ ᠨᠡᠭᠡᠭᠡᠭᠰᠡᠨ ᠬᠠᠮᠤᠭ ᠤᠨ ᠲᠡᠷᠢᠭᠦᠨ ᠤ ᠲᠥᠬᠦᠭᠡᠷᠦᠮᠵᠢ ᠶᠢ ᠬᠡᠷᠡᠭᠯᠡᠵᠦ᠂ ᠪᠦᠷᠢᠨ ᠢᠵᠢ ᠲᠥᠬᠦᠭᠡᠷᠦᠮᠵᠢ ᠨᠢ ᠴᠥᠮ ᠳᠡᠯᠡᠬᠡᠶ ᠶᠢᠨ ᠬᠠᠮᠤᠭ ᠤᠨ ᠲᠡᠷᠢᠭᠦᠨ ᠤ ᠬᠢᠷᠢ ᠲᠦᠪᠰᠢᠨ ᠳᠤ ᠬᠦᠷᠴᠦ᠂ ᠡᠨᠧᠷᠭᠢ ᠶᠢᠨ ᠬᠤᠷᠣᠭᠳᠠᠯ ᠵᠢᠴᠢ ᠬᠥᠮᠦᠨ ᠤ ᠬᠦᠴᠦ᠂ ᠪᠣᠳᠠᠰ ᠤᠨ ᠬᠦᠴᠦᠨ ᠤ ᠥᠪᠡᠷ ᠤᠨ ᠥᠷᠲᠡᠭ ᠢ ᠶᠡᠭᠡ ᠪᠠᠷ ᠠᠷᠪᠢᠯᠠᠬᠤ ᠪᠥᠭᠡᠳ ᠦᠢᠯᠡᠳᠬᠦᠨ ᠤ ᠨᠠᠷᠢᠯᠢᠭ ᠤᠨ ᠬᠡᠮᠵᠢᠶ᠎ᠡ ᠪᠠ ᠶᠠᠰᠤ ᠴᠢᠨᠠᠷ ᠢ ᠪᠦᠲᠦᠮᠵᠢᠲᠡᠶ ᠳᠡᠭᠡᠭᠰᠢᠯᠡᠭᠦᠯᠵᠦ᠂ ᠦᠢᠯᠡᠳᠪᠦᠷᠢᠯᠡᠯ ᠤᠨ ᠦᠷ᠎ᠡ ᠪᠦᠲᠦᠮᠵᠢ ᠶᠢ ᠶᠡᠭᠡ ᠪᠠᠷ ᠳᠡᠭᠡᠭᠰᠢᠯᠡᠭᠦᠯᠬᠦ ᠪᠣᠯᠤᠨ᠎ᠠ᠃
 
ᠢᠷᠡᠯᠲᠡ᠄ ᠬᠤᠪᠣᠷ ᠰᠢᠷᠣᠶ ᠶᠢᠨ ᠳᠡᠭᠡᠳᠦ ᠰᠢᠨ᠎ᠡ ᠮᠡᠷᠭᠡᠵᠢᠯ ᠤᠨ ᠣᠷᠣᠨ ᠤ ᠸᠢᠴᠠᠲ ᠤᠨ ᠨᠡᠶᠢᠲᠡ ᠶᠢᠨ ᠳ᠋ᠤᠭᠠᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号