【 ᠠᠷᠪᠠᠨ ᠳᠦᠷᠪᠡᠳᠦᠭᠡᠷ ᠬᠤᠭᠤᠴᠠᠭᠠᠨ ᠤ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ 】ᠴᠢᠯᠦᠭᠡᠳᠤ ᠴᠠᠨᠠᠯᠠᠯᠲᠠ ᠶᠢᠨ ᠣᠭᠲᠠᠷᠭᠤᠢ ᠶᠢᠨ ᠤᠷ᠎ᠠ ᠮᠡᠷᠭᠡᠵᠢᠯ ᠤᠨ ᠤᠷᠤᠯᠳᠤᠭᠠᠨ ᠳᠤ 2 ᠠᠯᠲᠠᠨ ᠮᠧᠳᠠᠯ ᠲᠣᠳᠣᠷᠠᠵᠠᠢ
ᠨᠡᠶᠢᠲᠡᠯᠡᠭᠰᠡᠨ ᠴᠠᠭ᠄
2024/2/26
     2 ᠰᠠᠷ᠎ᠠ ᠶᠢᠨ 21 ᠤ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠴᠢᠯᠦᠭᠡᠲᠦ ᠴᠠᠨᠠᠯᠠᠯᠲᠠ ᠶᠢᠨ ᠢᠯᠡ ᠤᠷᠤᠯᠳᠤᠭᠠᠨ ᠤ ᠳᠤᠭᠤᠶᠢᠯᠠᠩ ᠤᠨ ᠡᠮᠡᠭᠲᠡᠢ ᠶᠢᠨ ᠣᠭᠲᠠᠷᠭᠤᠢ ᠶᠢᠨ ᠤᠷ᠎ᠠ ᠮᠡᠷᠭᠡᠵᠢᠯ ᠤᠨ ᠤᠷᠤᠯᠳᠤᠭᠠᠨ ᠪᠠ ᠴᠢᠯᠦᠭᠡᠲᠦ ᠴᠠᠨᠠᠯᠠᠯᠲᠠ ᠶᠢᠨ ᠢᠯᠡ ᠤᠷᠤᠯᠳᠤᠭᠠᠨ ᠤ ᠳᠤᠭᠤᠶᠢᠯᠠᠩ ᠤᠨ ᠡᠷᠡᠭᠲᠡᠢ ᠶᠢᠨ ᠣᠭᠲᠠᠷᠭᠤᠢ ᠶᠢᠨ ᠤᠷ᠎ᠠ ᠮᠡᠷᠭᠡᠵᠢᠯ ᠤᠨ ᠤᠷᠤᠯᠳᠤᠭᠠᠨ ᠬᠥᠯᠥᠨ ᠪᠤᠶᠢᠷ ᠬᠤᠲᠠ ᠶᠢᠨ ᠵᠠᠯᠠᠨ ᠠᠶᠢᠯ ᠤᠷᠤᠯᠳᠤᠭᠠᠨ ᠤ ᠲᠣᠭᠤᠷᠢᠭ ᠤᠨ ᠶᠢᠨ ᠯᠥᠩ ᠱᠠᠨ ᠴᠠᠨᠠᠯᠠᠯᠲᠠ ᠶᠢᠨ ᠲᠠᠯᠠᠪᠠᠢ ᠳᠤ ᠶᠠᠪᠤᠭᠳᠠᠨ᠂ 2 ᠠᠯᠲᠠᠨ ᠮᠧᠳᠠᠯ ᠲᠣᠳᠣᠷᠠᠵᠠᠢ᠃      ᠴᠢᠯᠦᠭᠡᠲᠦ ᠴᠠᠨᠠᠯᠠᠯᠲᠠ ᠶᠢᠨ ᠢᠯᠡ ᠤᠷᠤᠯᠳᠤᠭᠠᠨ ᠤ ᠳᠤᠭᠤᠶᠢᠯᠠᠩ ᠤᠨ ᠡᠮᠡᠭᠲᠡᠢ ᠶᠢᠨ ᠣᠭᠲᠠᠷᠭᠤᠢ ᠶᠢᠨ ᠤᠷ᠎ᠠ ᠮᠡᠷᠭᠡᠵᠢᠯ ᠤᠨ ᠰᠢᠢᠳᠪᠦᠷᠢᠲᠦ ᠤᠷᠤᠯᠳᠤᠭᠠᠨ ᠳᠤ᠂ ᠬᠠᠷᠠᠮᠥ᠋ᠷᠡᠨ ᠤ ᠠᠩᠭᠢ ᠶᠢᠨ ᠲᠠᠮᠢᠷᠴᠢᠨ ᠺᠥᠩ ᠹᠠᠨ ᠢᠦᠢ 94.82 ᠬᠤᠪᠢ ᠪᠠᠷ ᠠᠯᠲᠠᠨ ᠮᠧᠳᠠᠯ ᠲᠣᠰᠴᠤ᠂ ᠥᠪᠥᠷ ᠮᠣᠩᠭᠤᠯ ᠤᠨ ᠠᠩᠭᠢ ᠶᠢᠨ ᠲᠠᠮᠢᠷᠴᠢᠨ ᠱᠣᠣ ᠴᠢ ᠪᠣᠯᠣᠨ ᠱᠠᠨᠰᠢ ᠶᠢᠨ ᠠᠩᠭᠢ ᠶᠢᠨ ᠲᠠᠮᠢᠷᠴᠢᠨ ᠯᠢᠦ ᠰᠢᠤᠸᠠᠨ ᡂᠢ ᠲᠣᠰ ᠲᠣᠰ ᠮᠥᠩᠭᠦᠨ ᠮᠧᠳᠠᠯ ᠪᠠ ᠬᠦᠷᠡᠯ ᠮᠧᠳᠠᠯ ᠲᠣᠰᠴᠠᠢ᠃      ᠴᠢᠯᠦᠭᠡᠲᠦ ᠴᠠᠨᠠᠯᠠᠯᠲᠠ ᠶᠢᠨ ᠢᠯᠡ ᠤᠷᠤᠯᠳᠤᠭᠠᠨ ᠤ ᠳᠤᠭᠤᠶᠢᠯᠠᠩ ᠤᠨ ᠡᠷᠡᠭᠲᠡᠢ ᠶᠢᠨ ᠣᠭᠲᠠᠷᠭᠤᠢ ᠶᠢᠨ ᠤᠷ᠎ᠠ ᠮᠡᠷᠭᠡᠵᠢᠯ ᠤᠨ ᠰᠢᠢᠳᠪᠦᠷᠢᠲᠦ ᠤᠷᠤᠯᠳᠤᠭᠠᠨ ᠳᠤ᠂ ᠾᠧᠨᠠᠨ ᠤ ᠠᠩᠭᠢ ᠶᠢᠨ ᠵᠠᠯᠠᠭᠤ ᠲᠠᠮᠢᠷᠴᠢᠨ ᠴᠧᠨ ᠱᠦᠸᠧ ᠣᠯᠢᠮᠫᠢᠺ ᠤᠨ ᠲᠠᠮᠢᠷ ᠤᠨ ᠴᠤᠭᠯᠠᠭᠠᠨ ᠳᠤ ᠣᠷᠣᠯᠴᠠᠵᠤ ᠪᠠᠶᠢᠭᠰᠠᠨ ᠭᠤᠷᠪᠠᠨ ᠲᠠᠮᠢᠷᠴᠢᠨ ᠢ ᠢᠯᠠᠵᠤ᠂ 125.97 ᠬᠤᠪᠢ ᠪᠠᠷ ᠮᠠᠩᠯᠠᠶᠢᠯᠠᠵᠠᠢ᠃ ᠭᠢᠷᠢᠨ ᠤ ᠠᠩᠭᠢ ᠶᠢᠨ ᠯᠢ ᠲᠢᠶᠠᠨ ᠮᠠ ᠪᠣᠯᠣᠨ ᠬᠠᠷᠠᠮᠥ᠋ᠷᠡᠨ ᠤ ᠠᠩᠭᠢ ᠶᠢᠨ ᠹᠠᠩ ᠺᠦᠨ ᠲᠣᠰ ᠲᠣᠰ 99.96 ᠪᠠ 95.47 ᠬᠤᠪᠢ ᠪᠠᠷ ᠮᠥᠩᠭᠦᠨ ᠮᠧᠳᠠᠯ ᠪᠠ ᠬᠦᠷᠡᠯ ᠮᠧᠳᠠᠯ ᠲᠣᠰᠴᠠᠢ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号