ᠠᠮᠢᠳᠤᠷᠠᠯ ᠨᠠᠷᠠᠨ ᠤ ᠬᠡᠷᠡᠯ᠂ ᠠᠭᠠᠷ ᠪᠠ ᠤᠰᠤᠨ ᠠᠴᠠ ᠰᠠᠯᠵᠤ ᠴᠢᠳᠠᠬᠤ ᠦᠬᠡᠢ᠃ ᠨᠡᠷᠠᠨ ᠤ ᠬᠡᠷᠡᠯ ᠢ | ᠬᠦᠢᠴᠡᠳ ᠡᠳ᠋ᠯᠡᠨ᠂ ᠠᠷᠢᠭᠤᠨ ᠴᠡᠪᠡᠷ ᠠᠭᠠᠷ ᠢᠶᠠᠷ ᠠᠮᠢᠰᠬᠤᠬᠤ ᠨᠢ ᠡᠷᠡᠬᠦᠯ ᠮᠠᠨᠳᠤ ᠪᠠᠨ ᠬᠠᠮᠠᠭᠠᠯᠠᠬᠤ ᠳᠤ | ᠳᠤᠳᠠᠭᠳᠠᠵᠤ ᠪᠤᠯᠤᠰᠢ ᠦᠬᠡᠢ ᠶᠠᠪᠤᠳᠠᠯ ᠮᠦᠨ᠃ ᠨᠠᠷᠠᠠ ᠤ ᠬᠡᠷᠡᠯ ᠨᠢ ᠬᠦᠮᠤᠨ ᠳᠤ ᠬᠡᠷᠡᠯ ᠬᠡᠬᠡ ᠪᠠ ᠬᠠᠯᠠᠭᠤᠨ | ᠪᠦᠯᠢᠶᠠᠨ ᠢ ᠰᠤᠶᠤᠷᠬᠠᠳᠠᠭ ᠲᠠᠳᠤᠢ ᠦᠬᠡᠢ᠂ ᠤᠷᠮ᠎ᠠ ᠵᠤᠷᠢᠬ ᠢ ᠬᠦᠭᠵᠢᠬᠡᠨ᠂ ᠠᠵᠢᠯ ᠰᠤᠷᠤᠯᠭ᠎ᠠ ᠶᠢᠨ ᠦᠷ᠎ᠠ | ᠪᠦᠳᠤᠮᠵᠢ ᠶᠢ ᠲᠡᠬᠡᠭᠰᠢᠯᠡᠬᠦᠯᠬᠦ ᠳᠤ ᠴᠤ ᠰᠠᠶᠢᠨ ᠤᠶᠢᠯᠠᠴᠢᠯᠡᠳᠡᠭ ᠶᠤᠮ᠃ ᠨᠠᠷᠠᠨ ᠤ ᠬᠡᠷᠡᠯ ᠳᠤᠳᠤᠷᠡᠬᠢ ᠬᠡᠳᠤ | ᠬᠦᠷᠠᠩ ᠰᠠᠴᠤᠷᠠᠭ ᠨᠢ ᠬᠦᠮᠤᠨ ᠤ ᠪᠠᠶ᠎ᠠ ᠳᠤ ᠸᠢᠲ᠋ᠠᠮᠢᠨ D ᠨᠡᠶᠢᠯᠡᠬᠦᠯᠬᠦ ᠳᠤ ᠳᠤᠰᠠᠯᠠᠳᠠᠭ᠃ ᠸᠢᠲ᠋ᠠᠮᠢᠨ D ᠨᠢ | ᠬᠦᠮᠤᠨ ᠤ ᠪᠠᠶ᠎ᠠ ᠶᠢᠨ ᠺᠠᠯᠼ ᠰᠢᠩᠬᠡᠬᠡᠬᠦ ᠶᠢ ᠠᠬᠢᠭᠤᠯᠳᠠᠭ ᠪᠤᠯᠬᠤᠷ ᠵᠤᠬᠢᠰᠳᠠᠢ ᠪᠠᠷ ᠨᠠᠷᠠᠠ ᠳᠤ ᠪᠠᠶ᠎ᠠ ᠪᠠᠨ | ᠡᠬᠡᠬᠡᠬᠦ ᠨᠢ ᠨᠢᠯᠬ᠎ᠠ ᠬᠡᠤᠬᠡᠳ ᠤᠨ ᠶᠠᠰᠤ ᠵᠦᠬᠡᠯᠡᠷᠡᠬᠦ ᠡᠪᠡᠳᠴᠢᠨ ᠢ ᠰᠡᠷᠬᠡᠶᠢᠯᠡᠵᠤ᠂ ᠬᠡᠤᠬᠡᠳ ᠪᠠᠭᠠᠴᠤᠳ ᠤᠨ | ᠬᠡᠪ ᠤᠨ ᠦᠰᠦᠯᠳᠠ ᠪᠤᠶᠢᠵᠢᠯᠳᠠ ᠶᠢ ᠬᠠᠮᠠᠭᠠᠯᠠᠵᠤ᠂ ᠨᠠᠰᠤᠨ ᠳᠤ ᠬᠦᠷᠦᠭᠰᠡᠳ ᠤᠨ ᠺᠠᠯᠼ ᠳᠤᠳᠠᠬᠤ ᠶᠢ | ᠰᠡᠷᠬᠡᠶᠢᠯᠡᠵᠤ᠂ ᠶᠠᠰᠤᠨ ᠤ ᠡᠳ᠋ ᠵᠦᠬᠡᠯᠡᠷᠡᠬᠦ ᠡᠪᠡᠳᠴᠢᠨ ᠨᠢᠷᠤᠭᠤ ᠰᠡᠬᠡᠷ ᠤᠨ ᠡᠪᠡᠳᠴᠢᠨ᠂ ᠬᠦᠵᠤᠬᠦᠨ ᠤ ᠶᠠᠰᠤᠨ ᠤ | ᠡᠪᠡᠳᠴᠢᠨ ᠵᠡᠷᠬᠡ ᠶᠢ ᠤᠯᠬᠤ ᠶᠢ ᠴᠦᠬᠡᠳᠬᠡᠨ᠎ᠠ᠃ ᠨᠡᠷᠡᠨ ᠤ ᠬᠡᠷᠡᠯ ᠳᠤᠳᠤᠷᠡᠬᠢ ᠬᠡᠳᠤ ᠬᠦᠷᠡᠩ ᠰᠠᠴᠤᠷᠠᠭ ᠨᠢ | ᠪᠠᠺᠳ᠋ᠷᠢ ᠠᠯᠠᠬᠤ ᠤᠶᠢᠯᠠᠳᠤᠯ ᠢᠶᠠᠷ ᠰᠠᠶᠢᠨ ᠪᠤᠯᠬᠤᠷ ᠤᠬᠤᠷᠬᠠᠨ ᠴᠠᠭ ᠤᠨ ᠳᠤᠳᠤᠷ᠎ᠠ ᠠᠭᠤᠰᠬᠢᠨ ᠤ ᠦᠷᠪᠢᠰᠤᠯ ᠤᠨ | ᠬᠡᠯᠬᠢᠶ᠎ᠠ ᠪᠦᠮᠪᠤᠬᠡᠨ ᠪᠠᠺᠳ᠋ᠷᠢ᠂ ᠰᠦᠷᠢᠶ᠎ᠠ ᠶᠢᠨ ᠰᠠᠪᠬᠠᠨᠴᠢᠷ ᠪᠠᠺᠳ᠋ᠷᠢ᠂ ᠡᠯᠢᠬᠡᠨ ᠤ A ᠦᠷᠪᠢᠰᠤᠯ ᠤᠨ ᠸᠢᠷᠦ᠋ᠰ | ᠵᠡᠷᠬᠡ ᠤᠯᠠᠨ ᠵᠦᠢᠯ ᠤᠨ ᠡᠪᠡᠳᠴᠢᠨ ᠡᠬᠦᠰᠬᠡᠭᠴᠢ ᠬᠤᠮᠡᠬᠢ ᠠᠮᠢᠳᠤ ᠪᠤᠳᠠᠰ ᠢ ᠠᠯᠠᠵᠤ ᠴᠢᠳᠠᠨ᠎ᠠ᠃ ᠨᠡᠷᠡᠨ ᠤ | ᠬᠡᠷᠡᠯ ᠨᠢ ᠤᠰᠤᠨ ᠤ ᠠᠭᠤᠷ ᠪᠤᠯᠤᠨ ᠲᠡᠭᠳᠡᠬᠦ ᠶᠢ ᠠᠬᠢᠭᠤᠯᠳᠠᠭ ᠳᠤᠯᠠ ᠦᠷᠤᠬᠡᠨ ᠳᠡᠭᠡᠨ ᠨᠠᠷᠠᠨ ᠤ ᠬᠡᠷᠡᠯ | ᠦᠷᠬᠦᠯᠵᠢ ᠳᠤᠰᠬᠠᠵᠤ ᠪᠠᠶᠢᠪᠠᠯ ᠦᠷᠤᠬᠡ ᠬᠠᠭᠤᠷᠠᠢ ᠴᠡᠪᠡᠷᠬᠡᠨ ᠪᠠᠶᠢᠵᠤ᠂ ᠪᠠᠺᠳ᠋ᠷᠢ ᠬᠦᠬᠡᠴᠤ ᠦᠷᠡᠵᠢᠬᠦ ᠶᠢ | ᠪᠠᠭᠠᠰᠬᠠᠬᠤ ᠪᠤᠯᠬᠤᠷ ᠡᠬᠦᠳᠠ ᠴᠤᠩᠬᠤ ᠪᠠᠨ ᠦᠷᠬᠦᠯᠵᠢ ᠨᠡᠬᠡᠬᠡᠵᠤ ᠨᠡᠷᠡᠨ ᠤ ᠬᠡᠷᠡᠯ ᠢ ᠦᠷᠤᠬᠡᠨ ᠳᠡᠭᠡᠨ ᠳᠤᠰᠬᠠᠬᠤ | ᠮᠦᠷᠳᠡᠬᠡᠨ ᠬᠦᠨᠵᠢᠯᠠ ᠲᠠᠪᠢᠰᠬᠡᠷ᠂ ᠬᠤᠪᠴᠠᠰᠤ ᠬᠤᠨᠠᠷ ᠢᠶᠠᠨ ᠢᠯᠡᠬᠦᠤ ᠤᠬᠢᠶᠠᠵᠤ ᠨᠠᠷᠠᠨ ᠳᠤ ᠰᠠᠶᠢᠨ ᠡᠬᠡᠬᠡᠬᠦ ᠨᠢ | ᠨᠠᠷᠠᠠ ᠤ ᠬᠡᠷᠡᠯ ᠢᠶᠠᠷ ᠪᠠᠺᠳ᠋ᠷᠢ ᠠᠯᠠᠬᠤ ᠪᠠ ᠠᠷᠢᠭᠤᠳᠬᠠᠬᠤ ᠳᠤ ᠳᠤᠰᠠᠯᠠᠳᠠᠭ᠃ ᠡᠬᠦᠳᠠ ᠴᠤᠩᠬᠤ ᠪᠠᠨ ᠢᠯᠡᠬᠦᠤ | ᠨᠡᠬᠡᠬᠡᠵᠤ ᠠᠭᠠᠷ ᠨᠡᠪᠳᠡᠷᠡᠬᠦᠯᠬᠦ ᠨᠢ ᠦᠷᠤᠬᠡᠨ ᠤ ᠠᠭᠠᠷ ᠢ ᠴᠡᠪᠡᠷ ᠰᠤᠷᠭᠤᠭ ᠪᠠᠶᠢᠯᠭᠠᠬᠤ ᠳᠤ ᠳᠤᠳᠠᠭᠳᠠᠵᠤ ᠪᠤᠯᠤᠰᠢ | ᠦᠬᠡᠢ ᠠᠷᠭ᠎ᠠ ᠮᠦᠨ᠃ ᠠᠭᠠᠷ ᠰᠠᠯᠬᠢ ᠨᠡᠪᠳᠡᠷᠡᠬᠦ ᠦᠬᠡᠢ ᠦᠷᠤᠬᠡᠨ ᠳᠤ᠂ ᠬᠦᠮᠤᠰ ᠤᠨ ᠠᠮᠢᠰᠬᠤᠵᠤ ᠭᠠᠷᠭᠠᠭᠰᠠᠠ | ᠬᠡᠢ ᠪᠠᠶᠠᠳᠤ ᠨᠢ ᠦᠷᠤᠬᠡᠨ ᠳᠡᠭᠡᠨ ᠦᠯᠡᠳᠡᠵᠤ᠂ ᠦᠷᠤᠬᠡᠨ ᠳᠤ ᠨᠠᠭᠠᠰᠢ ᠴᠠᠭᠠᠰᠢ ᠶᠠᠪᠤᠬᠤ ᠳᠤ ᠭᠠᠷᠤᠭᠰᠠᠠ ᠬᠤᠬ | ᠳᠤᠭᠤᠰᠤ ᠨᠢ ᠴᠤ ᠠᠭᠠᠷ ᠳᠤᠳᠤᠷ᠎ᠠ ᠬᠤᠷᠠᠮᠳᠤᠵᠤ᠂ ᠤᠳᠠᠭᠠᠨ ᠳᠠᠭᠠᠨ ᠠᠭᠠᠷ ᠲᠠᠬᠢ ᠨᠠᠬᠦᠷᠠᠰᠦᠳᠦ᠋ᠷᠦᠭᠴᠢ ᠶᠢᠨ | ᠲᠠᠪᠬᠤᠷ ᠢᠰᠤᠯ ᠤᠨ ᠦᠳᠬᠡᠴᠠ ᠨᠢ ᠨᠡᠮᠡᠭᠳᠡᠵᠤ᠂ ᠬᠦᠴᠢᠯᠳᠦ᠋ᠷᠦᠭᠴᠢ ᠶᠢᠨ ᠦᠳᠬᠡᠴᠠ ᠪᠠᠭᠤᠷᠠᠨ᠂ ᠪᠠᠺᠳ᠋ᠷᠢ ᠪᠠ | ᠸᠢᠷᠦ᠋ᠰ ᠤᠨ ᠦᠷᠤᠬᠡ ᠳᠠᠬᠢ ᠲᠠᠷᠬᠠᠯᠳᠠ ᠴᠤ ᠨᠡᠮᠡᠭᠳᠡᠬᠦ ᠪᠤᠯᠤᠨ᠎ᠠ᠃ ᠤᠷᠳᠤ ᠬᠤᠭᠤᠴᠠᠭ᠎ᠠ ᠡᠶᠢᠮᠤ ᠠᠭᠠᠷ ᠢᠶᠠᠷ | ᠠᠮᠢᠰᠬᠤᠪᠠᠯ᠂ ᠠᠮᠢᠰᠬᠤᠯ ᠤᠨ ᠵᠠᠮ ᠤᠨ ᠡᠪᠡᠳᠴᠢᠨ ᠡᠮᠬᠡᠭ ᠠᠮᠠᠷᠬᠠᠨ ᠳᠤᠰᠬᠤ ᠪᠠᠷ ᠦᠯᠤ ᠪᠠᠷᠠᠮ ᠪᠠᠶ᠎ᠠ ᠶᠢᠨ | ᠡᠪᠡᠳᠴᠢᠨ ᠡᠰᠡᠷᠬᠦᠴᠠᠬᠦ ᠴᠢᠳᠠᠪᠤᠷᠢ ᠪᠠᠭᠤᠷᠠᠵᠤ᠂ ᠬᠠᠯᠳᠠᠪᠤᠷᠢᠳᠤ ᠡᠪᠡᠳᠴᠢᠨ ᠳᠤ ᠨᠡᠷᠪᠡᠭᠳᠡᠬᠦ ᠳᠤᠬᠢᠶᠠᠯ ᠨᠡᠮᠡᠭᠳᠡᠨ᠎ᠠ᠃ | ᠠᠭᠠᠷ ᠮᠠᠭᠤ ᠨᠡᠪᠳᠡᠷᠡᠬᠦ ᠦᠷᠤᠬᠡᠨ ᠳᠤ ᠲᠡᠮᠡᠬᠢ ᠲᠠᠳᠠᠪᠠᠯ᠂ ᠤᠳᠤᠭᠠᠨ ᠳᠠᠬᠢ ᠬᠤᠤᠷ ᠲᠠᠢ ᠪᠤᠳᠠᠰ ᠨᠢ | ᠦᠷᠤᠬᠡ ᠳᠠᠬᠢ ᠬᠦᠮᠤᠨ ᠪᠤᠯᠭᠠᠨ ᠢ ᠤᠳᠠᠭᠠᠨ ᠬᠤᠤᠷᠯᠠᠬᠤ ᠪᠤᠯᠤᠨ᠎ᠠ᠃ ᠡᠬᠦᠳᠠ ᠴᠤᠩᠬᠤ ᠪᠠᠨ ᠴᠢᠩᠭ᠎ᠠ | ᠪᠢᠳᠡᠬᠦᠮᠵᠢᠯᠡᠭᠰᠡᠡ ᠦᠷᠤᠬᠡ ᠳᠤ ᠬᠤᠭᠤᠯᠠ ᠪᠠᠯᠡᠳᠴᠤ᠂ ᠭᠠᠯ ᠨᠤᠴᠤᠭᠠᠵᠤ ᠳᠤᠯᠠᠭᠠᠯᠠᠪᠠᠯ᠂ ᠦᠷᠤᠬᠡᠨ ᠤ | ᠠᠭᠠᠷ ᠲᠠᠬᠢ ᠬᠦᠴᠢᠯᠳᠦ᠋ᠷᠦᠭᠴᠢ ᠶᠢᠨ ᠠᠭᠤᠯᠬᠤᠨ ᠢ ᠪᠠᠭᠠᠰᠬᠠᠭᠠᠳ ᠨᠡᠬᠦᠷᠡᠰᠦᠳᠦ᠋ᠷᠦᠭᠴᠢ ᠶᠢᠨ ᠲᠠᠩ ᠢᠰᠤᠯ ᠵᠡᠷᠬᠡ | ᠬᠤᠤᠷᠳᠤ ᠬᠡᠢ ᠪᠠᠶᠠᠳᠤ ᠶᠢᠨ ᠦᠳᠬᠡᠴᠠ ᠶᠢ ᠨᠡᠮᠡᠭᠳᠡᠬᠦᠯᠳᠡᠭ ᠪᠤᠯᠬᠤᠷ ᠬᠦᠮᠤᠰ ᠡᠶᠢᠮᠦᠷᠬᠦ ᠦᠷᠤᠬᠡ ᠳᠤ ᠤᠳᠠᠭᠠᠨ | ᠰᠠᠭᠤᠪᠠᠯ ᠳᠤᠯᠤᠭᠠᠢ ᠲᠦᠷᠤᠬᠦᠤ ᠡᠷᠬᠢᠵᠤ᠂ ᠴᠠᠭᠠᠰᠢᠯᠠᠭᠠᠳ ᠨᠡᠬᠦᠷᠠᠰᠤᠨ ᠬᠡᠢ ᠳᠤ ᠬᠤᠤᠷᠳᠠᠭᠳᠠᠬᠤ ᠪᠤᠯᠤᠨ᠎ᠠ᠃ | ᠡᠬᠦᠳᠠ ᠴᠤᠩᠬᠤ ᠪᠠᠨ ᠴᠢᠩᠭ᠎ᠠ ᠪᠢᠳᠡᠬᠦᠮᠵᠢᠯᠡᠪᠡᠯ ᠦᠷᠤᠬᠡᠨ ᠳᠠᠬᠢ ᠪᠠᠷᠢᠯᠭ᠎ᠠ ᠶᠢᠨ ᠮᠠᠲ᠋ᠧᠷᠢᠶᠠᠯ ᠪᠠ ᠬᠡᠷ ᠤᠨ ᠵᠠᠰᠠᠯ | ᠴᠢᠮᠡᠭᠯᠡᠯ ᠤᠨ ᠮᠠᠲ᠋ᠧᠷᠢᠶᠠᠯ ᠤᠨ ᠬᠤᠤᠷᠳᠤ ᠪᠤᠳᠠᠰ ᠨᠢ ᠦᠷᠤᠬᠡᠨ ᠤ ᠠᠭᠠᠷ ᠲᠤ ᠪᠦᠬᠡᠮᠨᠡᠷᠡᠬᠡᠳ ᠡᠷᠡᠬᠦᠯ ᠮᠠᠨᠳᠤ ᠶᠢ | ᠬᠦᠨᠤᠬᠡᠳᠡᠭ᠃ ᠴᠤᠩᠬᠤ ᠡᠬᠦᠳᠡ ᠪᠠᠨ ᠦᠷᠬᠦᠯᠵᠢ ᠨᠡᠬᠡᠬᠡᠵᠤ ᠠᠭᠠᠷ ᠨᠡᠪᠳᠡᠷᠡᠬᠦᠯᠪᠡᠯ ᠦᠷᠤᠬᠡᠨ ᠭᠠᠳᠡᠨᠡᠬᠢ ᠰᠢᠨ᠎ᠠ | ᠰᠤᠷᠭᠤᠭ ᠠᠭᠠᠷ ᠤᠷᠤᠵᠤ ᠢᠷᠡᠬᠡᠳ᠂ ᠠᠭᠠᠷ ᠲᠠᠬᠢ ᠬᠤᠮᠡᠬᠢ ᠠᠮᠢᠳᠤ ᠪᠤᠳᠠᠰ ᠰᠡᠶᠢᠷᠡᠭᠵᠢᠬᠦ ᠪᠠ ᠠᠷᠢᠯᠵᠤ᠂ | ᠬᠦᠮᠤᠰ ᠪᠤᠬᠢᠷ ᠬᠤᠤᠷᠳᠡᠢ ᠠᠭᠠᠷ ᠢᠶᠠᠷ ᠲᠠᠬᠢᠨ ᠠᠮᠢᠰᠬᠤᠬᠤ ᠦᠬᠡᠢ ᠪᠤᠯᠳᠠᠭ᠃ ᠡᠬᠦᠳᠠ ᠴᠤᠩᠬᠤ ᠪᠠᠨ ᠦᠷᠬᠦᠯᠵᠢ | ᠨᠡᠬᠡᠬᠡᠳᠡᠭ ᠵᠠᠩᠰᠢᠯ ᠲᠠᠢ ᠪᠤᠯᠬᠤ ᠬᠡᠷᠡᠭᠳᠡᠢ᠃ ᠬᠠᠬᠢᠷ ᠬᠦᠢᠳᠡᠨ ᠡᠪᠤᠯ ᠳᠤ ᠴᠤ ᠡᠳᠤᠷ ᠪᠦᠷᠢ ᠴᠤᠩᠬᠤ ᠪᠠᠨ | ᠨᠡᠬᠡᠬᠡᠵᠤ ᠠᠭᠠᠷ ᠨᠡᠪᠳᠡᠷᠡᠬᠦᠯᠤᠨ᠎ᠠ᠂ ᠦᠷᠯᠦᠬᠡ᠂ ᠦᠳᠠ᠂ ᠤᠷᠤᠢ ᠳᠤᠰ ᠳᠤᠰ ᠨᠢᠬᠡ ᠤᠳᠠᠭ᠎ᠠ᠂ ᠤᠳᠠᠭ᠎ᠠ | ᠪᠦᠷᠢ ᠳᠤ 15 — 20 ᠮᠢᠨᠦ᠋ᠲ ᠨᠡᠬᠡᠬᠡᠪᠡᠯ ᠬᠠᠮᠤᠭ ᠤᠨ ᠰᠠᠶᠢᠨ᠃ ᠢᠯᠠᠩᠭᠤᠶ᠎ᠠ 10 — 30 ᠮᠢᠨᠦ᠋ᠲ | ᠨᠡᠬᠡᠬᠡᠵᠤ ᠠᠭᠠᠷ ᠨᠡᠪᠳᠡᠷᠡᠬᠦᠯᠬᠦ ᠬᠡᠷᠡᠭᠳᠡᠢ᠃ ᠴᠤᠩᠬᠤ ᠪᠠᠨ ᠨᠡᠬᠡᠬᠡᠬᠦ ᠴᠠᠭ ᠨᠢ ᠦᠳᠡ ᠶᠢᠨ ᠡᠮᠤᠨᠡᠬᠢ 9᠄ 00 — | 11᠄ 00 ᠴᠠᠭ ᠪᠤᠶᠤ ᠦᠳᠡ ᠶᠢᠨ ᠬᠤᠶᠢᠨᠡᠬᠢ 2᠄ 00 — 4᠄ 00 ᠴᠠᠭ ᠲᠤ ᠪᠠᠶᠢᠪᠠᠯ ᠰᠠᠶᠢᠨ ᠬᠡᠵᠤ | ᠵᠠᠷᠢᠮ ᠬᠦᠮᠤᠨ ᠦᠵᠡᠵᠤ ᠪᠤᠢ᠂ ᠡᠨᠡ ᠴᠠᠭ ᠲᠤ ᠠᠭᠤᠷ ᠠᠮᠢᠰᠬᠤᠯ ᠳᠤᠯᠠᠭᠠᠨ ᠪᠤᠯᠵᠤ᠂ ᠶᠡᠭᠡ ᠠᠭᠠᠷ ᠮᠠᠨᠳᠠᠯ ᠳᠤ | ᠳᠤᠨᠤᠵᠤ ᠪᠠᠶᠢᠬᠰᠠᠠ ᠬᠤᠤᠷ ᠲᠠᠢ ᠬᠡᠢ ᠪᠤᠳᠠᠰ ᠰᠠᠷᠨᠢᠭᠠᠳ᠂ ᠴᠤᠩᠬᠤ ᠪᠠᠨ ᠨᠡᠬᠡᠬᠡᠵᠤ ᠠᠭᠠᠷ ᠨᠡᠪᠳᠡᠷᠡᠬᠦᠯᠬᠦ ᠳᠤ | ᠨᠡᠯᠢᠶᠠᠳ ᠰᠠᠶᠢᠨ ᠪᠠᠶᠢᠳᠠᠭ ᠪᠤᠯᠬᠤᠷ ᠢᠩᠬᠢᠵᠤ ᠬᠡᠯᠡᠳᠡᠭ ᠶᠤᠮ᠃ ᠠᠭᠠᠷ ᠳᠤᠬᠢᠷᠠᠭᠤᠯᠤᠭᠴᠢ ᠬᠡᠷᠡᠭᠯᠡᠵᠤ ᠪᠠᠶᠢᠭ᠎ᠠ | ᠪᠠᠶᠢᠰᠢᠩ ᠳᠤ ᠠᠭᠠᠷ ᠰᠡᠯᠬᠢ ᠨᠡᠪᠳᠡᠷᠡᠬᠦᠯᠬᠦ ᠶᠢ ᠠᠩᠬᠠᠷᠴᠤ᠂ ᠳᠤᠬᠳᠠᠮᠠᠯ ᠬᠤᠭᠤᠴᠠᠭ᠎ᠠ ᠲᠠᠢ ᠪᠠᠷ ᠠᠭᠠᠷ | ᠳᠤᠬᠢᠷᠠᠭᠤᠯᠤᠭᠴᠢ ᠪᠠᠨ ᠴᠡᠪᠡᠷᠯᠡᠬᠦ ᠬᠡᠷᠡᠭᠳᠡᠢ᠃ ᠦᠷᠦᠬᠡᠨ ᠳᠠᠬᠢ ᠠᠭᠠᠷ ᠪᠤᠬᠢᠷᠳᠤᠬᠤ ᠠᠴᠠ ᠰᠡᠷᠬᠡᠶᠢᠯᠡᠬᠦ ᠶᠢᠨ | ᠲᠦᠯᠦᠬᠡ ᠦᠷᠤᠬᠡᠨ ᠳᠤ ᠲᠠᠮᠡᠬᠢ ᠲᠠᠳᠠᠬᠤ ᠦᠬᠡᠢ ᠪᠦᠬᠡᠳ ᠦᠷᠬᠦᠯᠵᠢ ᠦᠷᠤᠬᠡ ᠪᠠᠨ ᠠᠷᠢᠯᠭᠠᠨ ᠴᠡᠪᠡᠷᠯᠡᠵᠤ | ᠪᠠᠶᠢᠬᠤ ᠬᠡᠷᠡᠭᠳᠡᠢ᠃ ᠱᠠᠯᠠ ᠴᠡᠪᠡᠷᠯᠡᠬᠦ ᠳᠡᠭᠡᠨ ᠳᠤᠳᠠᠭᠤ ᠱᠦᠬᠦᠷᠳᠡᠵᠤ ᠢᠯᠡᠬᠦᠤ ᠵᠦᠯᠬᠦᠨ᠂ ᠨᠤᠷᠭᠠᠭᠠᠳ ᠰᠠᠶᠢᠨ | ᠬᠠᠳᠠᠭᠠᠨ᠎ᠠ᠃ ᠳᠤᠭᠤᠭᠠᠨ ᠬᠡᠷ ᠤᠨ ᠠᠭᠠᠷ ᠬᠠᠮᠤᠭ ᠤᠨ ᠬᠢᠯᠪᠠᠷᠬᠠᠨ ᠪᠤᠬᠢᠷᠳᠤᠳᠠᠭ᠃ ᠬᠠᠭᠤᠷᠴᠤ ᠬᠠᠭᠠᠷᠢᠬᠤ ᠳᠤ | ᠭᠠᠷᠤᠭᠰᠠᠠ ᠳᠤᠰᠤ ᠤᠳᠤᠭ᠎ᠠ ᠵᠢᠴᠢ ᠨᠡᠬᠦᠷᠡᠰᠤ ᠰᠢᠳᠠᠬᠤ ᠳᠤ ᠭᠠᠷᠤᠭᠰᠠᠠ ᠮᠦᠬᠦᠯᠢᠭᠳᠦ ᠪᠤᠳᠠᠰ ᠪᠠ ᠰᠢᠳᠠᠮᠠᠬᠠᠢ ᠬᠡᠢ | ᠰᠢᠳᠠᠬᠤ ᠶᠠᠪᠤᠴᠠ ᠳᠠᠬᠢ ᠨᠡᠬᠦᠷᠠᠰᠦᠳᠦ᠋ᠷᠦᠭᠴᠢ ᠶᠢᠨ ᠲᠠᠩ ᠢᠰᠤᠯ ᠨᠢ ᠡᠷᠡᠬᠦᠯ ᠮᠠᠨᠳᠤ ᠶᠢ ᠮᠠᠰᠢ ᠶᠡᠭᠡ ᠪᠠᠷ | ᠬᠤᠤᠷᠳᠠᠭᠤᠯᠳᠠᠭ᠃ ᠡᠶᠢᠮᠤ ᠪᠤᠯᠬᠤᠷ ᠳᠤᠭᠤᠭᠠᠨ ᠬᠡᠷ ᠲᠡᠭᠡᠨ ᠠᠭᠠᠷ ᠨᠡᠪᠳᠡᠷᠡᠬᠦᠯᠬᠦ ᠶᠢ ᠤᠨᠴᠠᠭᠠᠶᠢᠯᠠᠨ ᠠᠩᠬᠠᠷᠬᠤ | ᠬᠡᠷᠡᠭᠳᠡᠢ᠂ ᠵᠤᠤᠬᠠᠨ ᠲᠡᠬᠡᠷ᠎ᠠ ᠪᠠᠨ ᠳᠤᠰᠤᠨ ᠤᠳᠤᠭ᠎ᠠ ᠶᠢᠨ ᠰᠤᠷᠤᠭᠤᠯ ᠪᠤᠶᠤ ᠠᠭᠠᠷ ᠰᠤᠷᠤᠭᠤᠯ ᠳᠤᠬᠢᠷᠠᠭᠤᠯᠪᠠᠯ | ᠬᠠᠮᠤᠭ ᠤᠨ ᠰᠠᠶᠢᠨ ᠶᠤᠮ᠃ |