ᠪᠤᠭᠤᠲᠤ ᠶᠢᠨ ︽ᠲᠡᠭᠷᠢ ᠶᠢᠨ ᠳᠣᠣᠷᠠᠬᠢ ᠬᠠᠳᠤᠨ ᠭᠤᠣᠯ ᠤᠨ ᠨᠢᠭᠡᠳᠦᠭᠡᠷ ᠲᠣᠰᠬᠤᠨ︾︱ ᠬᠤᠪᠣᠷ | ᠰᠢᠷᠣᠢ ᠶᠢᠨ ᠳᠡᠭᠡᠳᠦ ᠰᠢᠨ᠎ᠡ ᠮᠡᠷᠭᠡᠵᠢᠯ ᠤᠨ ᠣᠷᠣᠨ ᠤ ᠵᠢᠷᠣᠭᠴᠢ ᠲᠣᠰᠬᠤᠨ ᠪᠣᠯ ᠪᠠᠶᠢᠭᠠᠯᠢ ᠶᠢᠨ ᠦᠵᠡᠰᠬᠦᠯᠡᠩᠲᠦ | ᠰᠠᠶᠢᠬᠠᠨ ᠦᠵᠡᠮᠵᠢ ᠪᠠ ᠰᠣᠶᠣᠯ ᠤᠨ ᠷᠢᠳᠢ ᠰᠢᠳᠢ ᠪᠠᠷ ᠪᠢᠯᠬᠠᠮ᠎ᠠ ᠭᠠᠵᠠᠷ ᠪᠣᠯᠣᠨ᠎ᠠ᠃ ᠠᠳᠡ ᠬᠦᠷᠪᠡᠯ ᠬᠠᠲᠤᠨ | ᠭᠤᠣᠯ ᠤᠨ ᠰᠦᠷᠯᠢᠭ ᠰᠠᠶᠢᠬᠠᠨ ᠥᠩᠭᠡ ᠦᠵᠡᠮᠵᠢ ᠶᠢ ᠰᠣᠨᠢᠷᠬᠠᠬᠤ ᠠᠴᠠ ᠭᠠᠳᠠᠨ᠎ᠠ᠂ ᠪᠠᠰᠠ ᠥᠪᠡᠷᠮᠢᠴᠡ | ᠤᠷᠠᠯᠢᠭ ᠤᠨ ᠬᠡᠯᠪᠡᠷᠢ ︱ ᠬᠤᠪᠣᠷ ᠰᠢᠷᠣᠢ ᠶᠢᠨ ᠵᠢᠷᠤᠭ ᠢ ᠰᠣᠨᠢᠷᠬᠠᠵᠤ ᠪᠣᠯᠣᠨ᠎ᠠ᠃ ︽ᠲᠡᠭᠷᠢ ᠶᠢᠨ ᠳᠣᠣᠷᠠᠬᠢ | ᠬᠠᠳᠤᠨ ᠭᠤᠣᠯ ᠤᠨ ᠨᠢᠭᠡᠳᠦᠭᠡᠷ ᠲᠣᠰᠬᠤᠨ︾ ᠳᠤ ᠪᠠᠶᠢᠷᠢᠯᠠᠭ᠎ᠠ ᠪᠤᠭᠤᠲᠤ ᠶᠢᠨ ᠴᠤᠭᠯᠠᠭᠠᠨ ᠤ ᠣᠷᠳᠣᠨ ᠳᠤ | ᠣᠷᠣᠬᠤ ᠳᠤ᠂ ᠰᠠᠶ᠋ᠢᠬᠠᠨ ᠠᠯᠪᠠᠨ ᠶᠣᠰᠣ ᠪᠠᠷ ᠭᠠᠳᠠᠭᠰᠢ ᠨᠡᠭᠡᠭᠡᠭᠰᠡᠨ ᠶᠢᠨ ᠰᠢᠩ ᠱᠢ ᠤᠷᠠᠯᠢᠭ ᠤᠨ | ᠦᠵᠡᠭᠦᠯᠦᠯᠭᠡ ᠶᠢᠨ ᠲᠥᠪ ᠲᠤ᠂ ᠳᠤᠮᠳᠠᠳᠤ ᠤᠯᠤᠰ ᠤᠨ ᠤᠳᠤ ᠦᠶ᠎ᠡ ᠶᠢᠨ ᠢᠯᠡᠷᠡᠭᠦᠯᠦᠯ ᠤᠨ ᠦᠵᠡᠯ ᠤᠨ ᠪᠡᠬᠡᠨ | ᠵᠢᠷᠤᠭᠴᠢᠨ ︱ ᠶᠢᠨ ᠰᠢᠩ ᠱᠢ ᠠᠪᠤᠭᠠᠢ ᠶᠢᠨ ᠬᠤᠪᠣᠷ ᠰᠢᠷᠣᠢ ᠶᠢᠨ ᠵᠢᠷᠤᠭ ᠤᠨ ᠪᠦᠲᠦᠭᠡᠯ ᠢ ᠳᠡᠯᠭᠡᠨ ᠦᠵᠡᠭᠦᠯᠵᠦ | ᠪᠤᠢ᠂ ᠪᠦᠲᠦᠭᠡᠯ ᠨᠢ ᠬᠤᠪᠣᠷ ᠰᠢᠷᠣᠢ ᠶᠢᠨ ᠠᠭᠤᠷᠬᠠᠢ ᠶᠢᠨ ᠪᠣᠳᠠᠰ ᠤᠨ ᠪᠤᠳᠤᠭ ᠢ ᠤᠯᠠᠮᠵᠢᠯᠠᠯᠲᠤ ᠨᠠᠷᠢᠯᠢᠭ | ᠪᠢᠴᠢᠯᠭᠡ ᠶᠢᠨ ᠬᠦᠨᠳᠦ ᠪᠤᠳᠤᠭᠲᠤ ᠵᠢᠷᠤᠭ ᠲᠠᠢ ᠪᠦᠷᠢᠨ ᠲᠡᠭᠦᠯᠳᠡᠷ ᠤᠶᠠᠯᠳᠤᠭᠤᠯᠵᠤ᠂ ᠬᠤᠳᠠ ᠶᠢᠨ ᠠᠷᠠᠳ | ᠵᠤᠭᠠᠴᠠᠭᠰᠠᠳ ᠲᠤ ᠤᠷᠠᠯᠢᠭ ᠤᠨ ᠷᠢᠳᠢ ᠰᠢᠳᠢ ᠶᠢ ᠡᠳ᠋ᠯᠡᠭᠦᠯᠵᠡᠢ᠃ ︽ᠬᠤᠪᠣᠷ ᠰᠢᠷᠣᠢ ᠶᠢᠨ ᠥᠩᠭᠡ ᠪᠣᠯ | ᠲᠡᠮᠦᠷᠯᠢᠭ ᠤᠨ ᠥᠩᠭᠡ ᠳᠤ ᠪᠠᠭᠲᠠᠬᠤ ᠪᠤᠶᠤ ᠨᠢᠭᠡ ᠵᠦᠢᠯ ᠤᠨ ᠨᠡᠶᠢᠯᠡᠮᠡᠯ ᠥᠩᠭᠡ ᠳᠤ ᠪᠠᠭᠲᠠᠨ᠎ᠠ᠂ ᠵᠢᠷᠤᠭ ᠲᠤ | ᠬᠡᠷᠡᠭᠯᠡᠬᠦ ᠨᠢ ᠡᠩ ᠤᠨ ᠮᠠᠲ᠋ᠧᠷᠢᠶᠠᠯ ᠲᠠᠢ ᠠᠳᠠᠯᠢ ᠦᠭᠡᠢ᠂ ᠲᠡᠭᠦᠨ ᠤ ᠵᠠᠰᠠᠬᠤ ᠴᠢᠨᠠᠷ ᠪᠠ ᠪᠦᠷᠬᠦᠬᠦ ᠴᠢᠨᠠᠷ ᠨᠢ ᠮᠠᠰᠢ | ᠴᠢᠩᠭ᠎ᠠ ᠪᠥᠭᠡᠳ ᠪᠤᠯᠴᠢᠩ ᠤᠨ ᠵᠦᠢ ᠶᠢᠨ ᠦᠢᠯᠡᠳᠦᠯ ᠲᠠᠢ ᠪᠣᠯᠬᠤᠷ ᠪᠤᠰᠤᠳ ᠮᠠᠲ᠋ᠧᠷᠢᠶᠠᠯ ᠢ ᠬᠢᠬᠦ ᠳᠤ ᠮᠠᠰᠢ | ᠪᠡᠷᠬᠡ ᠪᠠᠶᠢᠳᠠᠭ︾᠃ ᠵᠢᠷᠤᠭᠴᠢᠨᠵᠢᠨ ᠰᠢᠩ ᠱᠢ ᠰᠤᠷᠪᠤᠯᠵᠢᠯᠠᠭᠴᠢ ᠳᠤ ᠬᠡᠯᠡᠬᠦ ᠳᠡᠭᠡᠨ᠂ ᠬᠤᠪᠣᠷ ᠰᠢᠷᠣᠢ ᠶᠢᠨ | ᠪᠤᠳᠤᠭ ᠢ ᠨᠡᠮᠡᠵᠦ ᠣᠷᠣᠭᠤᠯᠤᠭᠰᠠᠨ ᠠᠴᠠ ᠨᠤᠨᠳᠠᠭ ᠤᠨ ᠴᠢᠨᠠᠷ ᠨᠢ ᠨᠠᠩ ᠨᠠᠷᠢᠯᠢᠭ ᠪᠣᠯᠵᠠᠢ᠂ ᠡᠭᠦᠨ ᠤ ᠵᠡᠷᠭᠡ ᠳᠤ | ᠬᠤᠪᠣᠷ ᠰᠢᠷᠣᠢ ᠶᠢᠨ ᠥᠪᠡᠷᠮᠢᠴᠡ ᠬᠡᠷᠡᠯ ᠤᠨ ᠤᠬᠠᠭᠠᠨ ᠤ ᠰᠢᠨᠵᠢ ᠴᠢᠨᠠᠷ ᠠᠴᠠ ᠪᠣᠯᠵᠤ᠂ ᠡᠲᠡᠭᠡᠷ ᠪᠤᠳᠤᠭ ᠤᠨ | ᠥᠩᠭᠡ ᠪᠤᠳᠤᠭ ᠤᠨ ᠬᠠᠨᠤᠴᠠ᠂ ᠬᠡᠷᠡᠯ ᠭᠢᠯᠪᠠᠭ᠎ᠠ ᠶᠢᠨ ᠬᠡᠮᠵᠢᠶ᠎ᠡ ᠵᠢᠴᠢ ᠲᠣᠭᠲᠠᠪᠤᠷᠢᠲᠤ ᠴᠢᠨᠠᠷ ᠤᠨ ᠲᠠᠯ᠎ᠠ ᠪᠠᠷ ᠴᠤ | ᠣᠯᠠᠨ ᠠᠴᠠ ᠴᠣᠯᠭᠤᠷᠠᠭᠰᠠᠨ ᠪᠠᠶᠢᠨ᠎ᠠ ᠭᠡᠵᠡᠢ᠃ | ᠡᠲᠡᠭᠡᠷ ᠤᠷᠠᠨ ᠪᠦᠲᠦᠭᠡᠯ ᠤᠳ ᠨᠢ ᠶᠢᠨ ᠰᠢᠩ ᠱᠢ ᠠᠪᠤᠭᠠᠢ ᠶᠢᠨ ᠤᠯᠠᠮᠵᠢᠯᠠᠯᠲᠤ ᠵᠢᠷᠤᠭ ᠤᠨ | ᠮᠠᠲ᠋ᠧᠷᠢᠶᠠᠯ ᠤᠨ ᠰᠢᠨ᠎ᠡ ᠶᠢ ᠡᠭᠦᠳᠦᠨ ᠬᠡᠷᠡᠭᠯᠡᠭᠰᠡᠨ ᠢ ᠬᠠᠷᠠᠭᠤᠯᠤᠭᠰᠠᠨ ᠢᠶᠠᠷ ᠪᠠᠷᠠᠬᠤ ᠦᠭᠡᠢ᠂ ᠤᠷᠠᠯᠢᠭᠴᠢᠳ ᠤᠨ | ᠪᠠᠶᠢᠭᠠᠯᠢ ᠪᠠ ᠰᠣᠶᠣᠯ ᠤᠨ ᠲᠤᠬᠠᠢ ᠭᠦᠨᠵᠡᠭᠡᠢ ᠣᠶᠢᠯᠠᠭᠠᠯᠲᠠ ᠶᠢ ᠴᠤ ᠬᠠᠷᠠᠭᠤᠯᠤᠭᠰᠠᠨ ᠶᠤᠮ᠃ ᠡᠨᠡ ᠡᠪᠦᠯ᠂ | ᠣᠯᠠᠨ ᠢᠶᠠᠷ ᠢᠶᠠᠨ ᠭᠡᠷ ᠠᠴᠠ ᠪᠠᠨ ᠭᠠᠷᠴᠤ᠂ ︽ᠲᠡᠭᠷᠢ ᠶᠢᠨ ᠳᠣᠣᠷᠠᠬᠢ ᠬᠠᠲᠤᠨ ᠭᠤᠣᠯ ᠤᠨ ᠨᠢᠭᠡᠳᠦᠭᠡᠷ ᠲᠣᠰᠬᠤᠨ | ︾ ᠳᠤ ᠬᠦᠷᠴᠦ᠂ ᠡᠲᠡᠭᠡᠷ ᠬᠤᠪᠣᠷ ᠰᠢᠷᠣᠢ ᠶᠢᠨ ᠨᠠᠷᠢᠯᠢᠭ ᠰᠠᠶᠢᠬᠠᠨ ᠵᠢᠷᠤᠭ ᠤᠨ ᠪᠦᠲᠦᠭᠡᠯ ᠢ ᠣᠶᠢᠷ᠎ᠠ ᠵᠠᠢ ᠳᠤ | ᠰᠣᠨᠢᠷᠬᠠᠵᠤ᠂ ᠮᠠᠷᠲᠠᠭᠳᠠᠰᠢ ᠦᠭᠡᠢ ᠤᠷᠠᠯᠢᠭ ᠤᠨ ᠠᠶᠠᠯᠠᠯ ᠢᠶᠠᠨ ᠡᠬᠢᠯᠡᠭᠦᠯᠵᠣ ᠪᠠᠶᠢᠨ᠎ᠠ᠃ |