5000 ᠮᠦ ᠭᠠᠵᠠᠷ ᠡᠵᠡᠯᠡᠭᠰᠡᠨ ᠪᠤᠭᠤᠲᠤ ᠶᠢᠨ ᠬᠤᠪᠣᠷ ᠰᠢᠷᠣᠢ ᠶᠢᠨ ᠲᠣᠭᠲᠠᠮᠠᠯ ᠰᠣᠷᠢᠨᠵᠢᠨᠲᠤ ᠴᠠᠬᠢᠯᠭᠠᠨ | ᠮᠠᠰᠢᠨ ᠤ ᠠᠵᠤ ᠦᠢᠯᠡᠰ ᠤᠨ ᠬᠦᠷᠢᠶᠡᠯᠡᠩ᠂ ᠰᠢᠨ᠎ᠡ ᠮᠠᠶ᠋ᠢᠭ ᠤᠨ ᠣᠳᠣᠬᠢᠴᠢᠯᠠᠭᠰᠠᠨ ᠠᠯᠪᠠᠨ ᠠᠰᠠᠷ᠂ ᠵᠢᠭᠳᠡ ᠵᠢᠭᠳᠡ | ᠤᠯᠠᠨ ᠳᠠᠪᠬᠤᠷᠭᠠᠲᠤ ᠪᠠᠷᠢᠮᠵᠢᠶᠠᠲᠤ ᠦᠢᠯᠡᠳᠪᠦᠷᠢ ᠶᠢᠨ ᠭᠡᠷ ᠪᠠᠶᠢᠰᠢᠩ᠂ ᠥᠩᠭᠡ ᠠᠶᠠᠰ ᠨᠢᠭᠡᠳᠦᠯᠲᠡᠢ ᠬᠦᠷᠢᠶᠡᠯᠡᠩ | ᠣᠷᠣᠨ ᠤ ᠪᠦᠬᠦᠯᠢ ᠴᠣᠭᠴᠠ ᠶᠢᠨ ᠲᠥᠯᠦᠪᠵᠢᠭᠦᠯᠭᠡ ᠨᠢ ᠬᠦᠮᠦᠰ ᠲᠤ ᠶᠠᠭᠠᠬᠢᠬᠤ ᠶᠢᠨ ᠠᠷᠭ᠎ᠠ ᠦᠭᠡᠢ ᠨᠢᠭᠤᠷ | ᠳᠦᠭᠦᠷᠡᠩ ᠤᠳᠤ ᠦᠶ᠎ᠡ ᠶᠢᠨ ᠠᠭᠤᠷ ᠠᠮᠢᠰᠬᠤᠯ ᠪᠣᠯᠣᠨ ᠰᠢᠨᠵᠢᠯᠡᠬᠦ ᠤᠬᠠᠭᠠᠨ ᠮᠡᠷᠭᠡᠵᠢᠯ ᠤᠨ ᠲᠥᠷᠥᠭᠳᠡᠯ ᠢ | ᠣᠯᠭᠤᠨ᠎ᠠ᠃ | | | | | ᠬᠤᠶᠠᠷ ᠵᠢᠯ ᠤᠨ ᠡᠮᠦᠨ᠎ᠡ᠂ ᠡᠨᠡ ᠬᠦ 210 ᠤᠯᠤᠰ ᠤᠨ ᠵᠠᠮ ᠠᠴᠠ ᠵᠡᠭᠦᠨᠰᠢᠬᠢ ᠭᠠᠵᠠᠷ ᠰᠢᠷᠣᠢ ᠨᠢ | ᠲᠥᠯᠦᠪᠵᠢᠭᠦᠯᠭᠡ ᠶᠢᠨ ᠲᠤᠯᠭᠠᠭᠤᠷᠢᠯᠠᠯ ᠳᠤᠲᠠᠭᠳᠠᠬᠤ ᠠᠴᠠ ᠪᠣᠯᠵᠤ ᠨᠡᠭᠡᠭᠡᠨ ᠠᠰᠢᠭᠯᠠᠬᠤ ᠪᠠᠷ ᠪᠠᠶᠢᠭ᠎ᠠ ᠪᠠᠶᠢᠳᠠᠯ ᠳᠤ | ᠪᠠᠶᠢᠪᠠ᠃ 2023 ᠣᠨ ᠳᠤ᠂ ᠲᠥᠷᠥ ᠶᠢᠨ ᠶᠠᠪᠤᠳᠠᠯ ᠤᠨ ᠬᠤᠷᠢᠶ᠎ᠠ ᠪᠢᠴᠢᠭ ᠮᠠᠲ᠋ᠧᠷᠢᠶᠠᠯ ᠨᠡᠶᠢᠲᠡᠯᠡᠵᠦ᠂ | ᠪᠤᠭᠤᠲᠤ ᠶᠢ ︽ᠪᠥᠬᠦ ᠤᠯᠤᠰ ᠤᠨ ᠬᠠᠮᠤᠭ ᠤᠨ ᠲᠣᠮᠣ ᠬᠤᠪᠣᠷ ᠰᠢᠷᠣᠢ ᠶᠢᠨ ᠰᠢᠨ᠎ᠡ ᠮᠠᠲ᠋ᠧᠷᠢᠶᠠᠯ ᠤᠨ ᠰᠠᠭᠤᠷᠢᠨ | ᠭᠠᠵᠠᠷ ᠪᠠ ᠳᠡᠯᠡᠬᠡᠢ ᠶᠢᠨ ᠲᠡᠷᠢᠭᠦᠨ ᠤ ᠬᠤᠪᠣᠷ ᠰᠢᠷᠣᠢ ᠶᠢᠨ ᠬᠡᠷᠡᠭᠯᠡᠭᠡᠨ ᠤ ᠰᠠᠭᠤᠷᠢᠨ ᠭᠠᠵᠠᠷ︾ ᠪᠣᠯᠭᠠᠨ ᠪᠦᠲᠦᠭᠡᠨ | ᠪᠠᠶᠢᠭᠤᠯᠵᠤ᠂ ᠪᠤᠭᠤᠲᠤ ᠶᠢᠨ ︽ᠬᠤᠶᠠᠷ ᠬᠤᠪᠣᠷ ᠰᠢᠷᠣᠢ ᠶᠢᠨ ᠰᠠᠭᠤᠷᠢᠨ ᠭᠠᠵᠠᠷ︾ ᠤᠨ ᠪᠦᠲᠦᠭᠡᠨ | ᠪᠠᠶᠢᠭᠤᠯᠤᠯᠲᠠ ᠶᠢᠨ ᠭᠤᠣᠯ ᠲᠡᠶᠢᠨ ᠤ ᠲᠠᠯᠠᠪᠤᠷ ᠪᠣᠯᠭᠠᠵᠤ᠂ ᠬᠤᠪᠣᠷ ᠰᠢᠷᠣᠢ ᠶᠢᠨ ᠳᠡᠭᠡᠳᠦ ᠰᠢᠨ᠎ᠡ ᠮᠡᠷᠭᠡᠵᠢᠯ ᠤᠨ | ᠣᠷᠣᠨ ᠤ ᠡᠨᠡ ᠬᠡᠰᠡᠭ ᠭᠠᠵᠠᠷ ᠰᠢᠷᠣᠢ ᠶᠢ ︽ᠪᠤᠭᠤᠲᠤ ᠶᠢᠨ ᠬᠤᠪᠣᠷ ᠰᠢᠷᠣᠢ ᠶᠢᠨ ᠲᠣᠭᠲᠠᠮᠠᠯ ᠰᠣᠷᠢᠨᠵᠢᠨᠲᠤ | ᠴᠠᠬᠢᠯᠭᠠᠨ ᠮᠠᠰᠢᠨ ᠤ ᠠᠵᠤ ᠦᠢᠯᠡᠰ ᠤᠨ ᠬᠦᠷᠢᠶᠡᠯᠡᠩ︾ ᠤᠨ ᠠᠵᠤ ᠦᠢᠯᠡᠳᠪᠦᠷᠢ ᠶᠢᠨ ᠲᠥᠷᠥᠯ ᠵᠦᠢᠯ ᠳᠤ | ᠬᠡᠷᠡᠭᠯᠡᠬᠦ ᠭᠠᠵᠠᠷ ᠪᠣᠯᠭᠠᠬᠤ ᠪᠠᠷ ᠵᠢᠩᠬᠢᠨᠢ ᠪᠠᠷ ᠲᠥᠯᠥᠪᠵᠢᠭᠦᠯᠦᠭᠰᠡᠨ ᠪᠠᠶᠢᠨ᠎ᠠ ᠭᠡᠵᠦ ᠵᠢᠭᠠᠵᠤ ᠭᠠᠷᠭᠠᠪᠠ᠃ | ᠪᠤᠭᠤᠲᠤ ᠶᠢᠨ ᠬᠤᠪᠣᠷ ᠰᠢᠷᠣᠢ ᠶᠢᠨ ᠲᠣᠭᠲᠠᠮᠠᠯ ᠰᠣᠷᠢᠨᠵᠢᠨᠲᠤ ᠴᠠᠬᠢᠯᠭᠠᠨ ᠮᠠᠰᠢᠨ ᠤ ᠠᠵᠤ ᠦᠢᠯᠡᠰ ᠤᠨ | ᠬᠦᠷᠢᠶᠡᠯᠡᠩ ᠤᠨ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠥᠨᠳᠥᠷ ᠪᠦᠲᠦᠮᠵᠢᠲᠡᠶ ᠥᠷᠨᠢᠭᠦᠯᠬᠦ ᠶᠢᠨ | ᠲᠤᠰᠠᠳᠠ᠂ ᠬᠤᠪᠣᠷ ᠰᠢᠷᠣᠢ ᠶᠢᠨ ᠳᠡᠭᠡᠳᠦ ᠰᠢᠨ᠎ᠡ ᠮᠡᠷᠭᠡᠵᠢᠯ ᠤᠨ ᠣᠷᠣᠨ ᠢ ᠰᠢᠨᠵᠢᠯᠡᠬᠦ ᠤᠬᠠᠭᠠᠨᠴᠢ ᠪᠠᠷ | ᠰᠤᠳᠤᠯᠤᠨ ᠮᠠᠭᠠᠳᠯᠠᠵᠤ᠂ ᠠᠵᠤ ᠠᠬᠤᠶᠢᠯᠠᠯ ᠤᠨ ᠪᠣᠳᠠᠲᠠᠶᠢᠵᠢᠬᠤ ᠬᠡᠷᠡᠭᠴᠡᠭᠡ ᠱᠠᠭᠠᠷᠳᠠᠯᠭ᠎ᠠ ᠶᠢ ᠭᠦᠢᠴᠡᠳ | ᠪᠣᠳᠣᠯᠬᠢᠯᠠᠨ᠂ ᠲᠥᠯᠦᠪᠵᠢᠭᠦᠯᠭᠡ ᠶᠢᠨ ᠬᠤᠪᠢᠶᠠᠷᠢ ᠲᠣᠪᠴᠢᠶ᠎ᠠ ᠪᠠᠷ ᠲᠦᠷᠦᠭᠦᠯᠡᠭᠦᠯᠦᠨ᠂ ᠬᠦᠷᠢᠶᠡᠯᠡᠩ ᠣᠷᠣᠨ ᠤ | ᠭᠤᠣᠯᠯᠠᠬᠤ ᠴᠢᠳᠠᠮᠵᠢ ᠶᠢᠨ ᠪᠠᠶᠢᠷᠢ ᠲᠣᠭᠲᠠᠭᠠᠯᠲᠠ ᠶᠢ ᠰᠢᠯᠢᠳᠡᠭᠵᠢᠭᠦᠯᠦᠨ ᠲᠣᠬᠢᠷᠠᠭᠤᠯᠬᠤ ᠶᠢ ᠢᠳᠡᠪᠬᠢᠲᠡᠢ ᠪᠠᠷ | ᠶᠠᠪᠤᠭᠳᠠᠭᠤᠯᠤᠨ᠎ᠠ᠃ ᠲᠥᠯᠦᠪᠵᠢᠭᠦᠯᠭᠡ ᠶᠢᠨ ᠬᠤᠪᠢᠶᠠᠷᠢ ᠲᠣᠪᠴᠢᠶ᠎ᠠ ᠳᠤ ᠲᠤᠰᠬᠠᠢ ᠠᠵᠤ ᠦᠢᠯᠡᠰ ᠤᠨ | ᠰᠤᠳᠤᠯᠭᠠᠨ ᠤ ᠳᠤᠭᠤᠶᠢᠯᠠᠩ ᠪᠠᠶᠢᠭᠤᠯᠵᠤ᠂ ᠲᠥᠯᠦᠪᠵᠢᠭᠦᠯᠭᠡ ᠶᠢ ᠨᠠᠶᠢᠷᠠᠭᠤᠯᠤᠨ ᠵᠣᠬᠢᠶᠠᠬᠤ᠂ ᠭᠠᠵᠠᠷ | ᠰᠣᠩᠭᠤᠬᠤ ᠶᠢ ᠰᠢᠯᠢᠳᠡᠭᠵᠢᠭᠦᠯᠬᠦ᠂ ᠬᠤᠳᠠᠯᠳᠤᠭ᠎ᠠ ᠡᠷᠬᠢᠯᠡᠬᠦ ᠣᠷᠴᠢᠨ ᠲᠣᠭᠤᠷᠢᠨ᠂ ᠵᠢᠷᠤᠭ ᠲᠥᠯᠥᠪᠯᠡᠭᠡ ᠶᠢᠨ | ᠣᠶᠢᠯᠠᠭᠠᠭᠳᠠᠬᠤᠨ᠂ ᠲᠣᠭᠠᠴᠢᠯᠠᠭᠰᠠᠨ ᠡᠨᠧᠷᠭᠢ ᠣᠯᠭᠤᠬᠤ ᠵᠡᠷᠭᠡ ᠲᠠᠪᠤᠨ ᠲᠠᠯ᠎ᠠ ᠪᠠᠷ ᠬᠠᠮᠵᠢᠯᠴᠠᠨ ᠬᠦᠴᠦᠯᠡᠵᠦ᠂ | ᠤᠯᠤᠰ ᠪᠠ ᠣᠷᠣᠨ ᠪᠦᠰᠡ ᠶᠢᠨ ᠠᠵᠤ ᠦᠢᠯᠡᠰ ᠤᠨ ᠬᠥᠭᠵᠢᠯᠲᠡ ᠶᠢᠨ ᠬᠥᠳᠡᠯᠦᠩᠭᠦᠢ ᠪᠠᠶᠢᠳᠠᠯ ᠢ ᠦᠷᠭᠦᠯᠵᠢᠯᠡᠨ | ᠮᠥᠷᠳᠡᠨ᠎ᠡ᠃ ᠲᠣᠮᠣ ᠳ᠋ᠠᠶᠢᠲ᠋ᠠ᠂ ᠠᠵᠤ ᠦᠢᠯᠡᠰ ᠤᠨ ᠵᠠᠭᠪᠤᠷ ᠵᠡᠷᠭᠡ ᠲᠡᠷᠢᠭᠦᠨ ᠤ ᠠᠷᠭ᠎ᠠ ᠪᠠᠷᠢᠯ ᠢ ᠬᠡᠷᠡᠭᠯᠡᠨ᠂ | ᠨᠣᠭᠤᠭᠠᠷᠠᠭᠤᠯᠤᠯᠲᠠ ᠶᠢᠨ ᠪᠦᠰᠡ ᠶᠢᠨ ᠲᠠᠯᠠᠪᠠᠶ ᠶᠢ ᠵᠦᠢ ᠵᠣᠬᠢᠰᠲᠠᠢ ᠪᠠᠭᠠᠰᠬᠠᠬᠤ᠂ ᠵᠠᠮ ᠤᠨ ᠤᠯᠠᠭᠠᠨ | ᠱᠤᠭᠤᠮ ᠤᠨ ᠥᠷᠭᠡᠴᠡ ᠶᠢ ᠨᠠᠷᠢᠯᠢᠭ ᠬᠠᠮᠢᠶᠠᠷᠤᠨ ᠡᠵᠡᠮᠳᠡᠬᠦ᠂ ᠭᠠᠵᠠᠷ ᠬᠡᠷᠡᠭᠯᠡᠬᠦ ᠪᠠ ᠠᠵᠤ ᠦᠢᠯᠡᠰ ᠤᠨ | ᠲᠣᠬᠢᠷᠠᠭᠤᠯᠤᠯᠲᠠ ᠶᠢᠨ ᠬᠠᠷᠢᠴᠠᠯ ᠢ ᠰᠢᠯᠢᠳᠡᠭᠵᠢᠭᠦᠯᠬᠦ᠂ ᠵᠠᠮ ᠬᠠᠷᠢᠯᠴᠠᠭᠠᠨ ᠤ ᠲᠠᠯᠠᠪᠤᠷ ᠥᠷᠲᠡᠭᠡ ᠶᠢᠨ | ᠤᠷᠢᠳᠴᠢᠯᠠᠨ ᠦᠯᠡᠳᠡᠭᠡᠬᠦ ᠭᠠᠵᠠᠷ ᠰᠢᠷᠣᠢ ᠳᠤ ᠲᠣᠬᠢᠷᠠᠭᠤᠯᠤᠯᠲᠠ ᠬᠢᠬᠦ ᠵᠡᠷᠭᠡ ᠠᠷᠭ᠎ᠠ ᠬᠡᠮᠵᠢᠶ᠎ᠡ ᠪᠠᠷ ᠳᠠᠮᠵᠢᠭᠤᠯᠤᠨ᠂ | ᠭᠠᠵᠠᠷ ᠬᠡᠷᠡᠭᠯᠡᠬᠦ ᠨᠠᠩ ᠶᠡᠭᠡ ᠣᠷᠣᠨ ᠵᠠᠢ ᠶᠢ ᠴᠢᠯᠦᠭᠡᠲᠡᠢ ᠪᠣᠯᠭᠠᠵᠤ᠂ ᠲᠥᠷᠥᠯ ᠵᠦᠢᠯ ᠤᠨ ᠭᠠᠵᠠᠷ ᠬᠡᠷᠡᠭᠯᠡᠬᠦ | ᠬᠡᠷᠡᠭᠴᠡᠭᠡ ᠶᠢ ᠪᠠᠲᠤᠯᠠᠨ᠎ᠠ᠃ | ᠰᠢᠯᠢᠳᠡᠭᠵᠢᠭᠦᠯᠦᠨ ᠲᠣᠬᠢᠷᠠᠭᠤᠯᠤᠭᠰᠠᠨ ᠤ ᠳᠠᠷᠠᠭ᠎ᠠ᠂ ᠪᠤᠭᠤᠲᠤ ᠶᠢᠨ ᠬᠤᠪᠣᠷ ᠰᠢᠷᠣᠢ ᠶᠢᠨ ᠲᠣᠭᠲᠠᠮᠠᠯ | ᠰᠣᠷᠢᠨᠵᠢᠨᠲᠤ ᠴᠠᠬᠢᠯᠭᠠᠨ ᠮᠠᠰᠢᠨ ᠤ ᠠᠵᠤ ᠦᠢᠯᠡᠰ ᠤᠨ ᠬᠦᠷᠢᠶᠡᠯᠡᠩ ᠤᠨ ᠠᠵᠤ ᠦᠢᠯᠡᠳᠪᠦᠷᠢ ᠳᠤ ᠬᠡᠷᠡᠭᠯᠡᠬᠦ | ᠭᠠᠵᠠᠷ ᠤᠨ ᠲᠠᠯᠠᠪᠠᠶ ᠨᠢ ᠤᠤᠯ ᠤᠨ 3103 ᠮᠦ ᠪᠠᠶᠢᠭᠰᠠᠨ ᠠᠴᠠ ᠪᠠᠨ 5283 ᠮᠦ ᠪᠣᠯᠵᠤ ᠨᠡᠮᠡᠭᠳᠡᠪᠡ᠃ | | | | | ︽ᠬᠠᠳᠠᠭᠠᠯᠠᠯᠲᠠ ᠶᠢᠨ ᠬᠡᠮᠵᠢᠶ᠎ᠡ︾ ᠠᠴᠠ ᠣᠷᠣᠨ ᠵᠠᠢ ᠣᠯᠵᠤ᠂ ︽ᠦᠷ᠎ᠡ ᠠᠰᠢᠭ ᠳᠣᠣᠷ᠎ᠠ︾ ᠠᠴᠠ ᠦᠷ᠎ᠡ | ᠠᠰᠢᠭ ᠣᠯᠬᠤ ᠬᠡᠷᠡᠭᠲᠡᠢ᠃ ᠭᠠᠵᠠᠷ ᠰᠢᠷᠣᠢ ᠶᠢᠨ ᠡᠬᠢ ᠪᠠᠶᠠᠯᠢᠭ ᠢ ᠥᠨᠳᠥᠷ ᠪᠦᠲᠦᠮᠵᠢᠲᠡᠶ ᠠᠰᠢᠭᠯᠠᠬᠤ ᠶᠢᠨ | ᠲᠥᠯᠥᠭᠡ᠂ ᠬᠤᠶᠠᠷ ᠬᠤᠪᠣᠷ ᠰᠢᠷᠣᠢ ᠶᠢᠨ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠠ ᠳᠤ ᠬᠦᠴᠦᠨ | ᠨᠡᠮᠡᠷᠢᠯᠡᠵᠦ᠂ ᠬᠤᠪᠣᠷ ᠰᠢᠷᠣᠢ ᠶᠢᠨ ᠳᠡᠭᠡᠳᠦ ᠰᠢᠨ᠎ᠡ ᠮᠡᠷᠭᠡᠵᠢᠯ ᠤᠨ ᠣᠷᠣᠨ ᠤ ᠲᠥᠯᠦᠪᠵᠢᠭᠦᠯᠭᠡ ᠶᠢᠨ ᠬᠤᠪᠢᠶᠠᠷᠢ | ᠲᠣᠪᠴᠢᠶ᠎ᠠ ᠨᠢ ᠶᠦᠨ ᠱᠧᠩ ᠰᠢᠨᠵᠢᠯᠡᠬᠦ ᠤᠬᠠᠭᠠᠨ ᠮᠡᠷᠭᠡᠵᠢᠯ᠂ ᠶᠢᠨ ᠯᠢ ᠲᠣᠭᠲᠠᠮᠠᠯ ᠰᠣᠷᠢᠨᠵᠢᠨ᠂ ᠶᠢᠩ ᠰᠧ ᠲᠧ | ᠵᠡᠷᠭᠡ ᠠᠵᠤ ᠠᠬᠤᠶᠢᠯᠠᠯ ᠤᠨ ᠪᠠᠶᠢᠭᠤᠯᠵᠤ ᠪᠠᠶᠢᠭ᠎ᠠ ᠦᠢᠯᠡᠳᠪᠦᠷᠢᠯᠡᠯ ᠢᠶᠠᠨ ᠥᠷᠭᠡᠳᠬᠡᠬᠦ ᠲᠥᠷᠥᠯ ᠵᠦᠢᠯ ᠵᠢᠴᠢ ᠸᠧ | ᠯᠦᠩ ᠲᠣᠭᠲᠠᠮᠠᠯ ᠰᠣᠷᠢᠨᠵᠢᠨ ᠴᠠᠬᠢᠯᠭᠠᠨ ᠮᠠᠰᠢᠨ ᠤ ᠠᠵᠤ ᠦᠢᠯᠡᠰ ᠤᠨ ᠬᠦᠷᠢᠶᠡᠯᠡᠩ᠂ ᠰᠢᠶᠠᠮᠧᠨ ᠤ ᠸᠣᠯᠹᠷᠠᠮ ᠤᠨ | ᠦᠢᠯᠡᠰ ᠤᠨ ᠵᠢᠯ ᠳᠤ 2 ᠲᠦᠮᠡᠨ ᠲᠣᠨ ᠬᠤᠪᠣᠷ ᠰᠢᠷᠣᠢ ᠶᠢᠨ ᠲᠣᠭᠲᠠᠮᠠᠯ ᠰᠣᠷᠢᠨᠵᠢᠨ ᠮᠠᠲ᠋ᠧᠷᠢᠶᠠᠯ ᠦᠢᠯᠡᠳᠪᠦᠷᠢᠯᠡᠬᠦ | ᠵᠡᠷᠭᠡ ᠰᠢᠨ᠎ᠡ ᠪᠠᠷ ᠪᠠᠶᠢᠭᠤᠯᠬᠤ ᠲᠥᠷᠥᠯ ᠵᠦᠢᠯ ᠤᠨ ᠣᠯᠠᠨ ᠳᠠᠪᠬᠤᠷᠭᠠᠲᠤ ᠦᠢᠯᠡᠳᠪᠦᠷᠢ ᠶᠢᠨ ᠭᠡᠷ ᠪᠠᠶᠢᠰᠢᠩ ᠢ | ᠪᠦᠲᠦᠭᠡᠨ ᠪᠠᠶᠢᠭᠤᠯᠬᠤ ᠶᠢ ᠢᠳᠡᠪᠬᠢᠲᠡᠢ ᠪᠠᠷ ᠬᠥᠲᠥᠯᠥᠨ ᠵᠢᠯᠤᠭᠤᠳᠴᠤ᠂ ᠪᠠᠭᠲᠠᠭᠠᠮᠵᠢ ᠶᠢᠨ ᠨᠣᠷᠮ᠎ᠠ ᠪᠠᠷ ᠥᠨᠳᠥᠷ | ᠪᠠᠶᠢᠬᠤ ᠶᠢ ᠵᠣᠷᠢᠭᠵᠢᠭᠤᠯᠤᠨ᠂ ᠠᠵᠤ ᠦᠢᠯᠡᠳᠪᠦᠷᠢ ᠶᠢᠨ ᠠᠰᠠᠷ ᠲᠤ ᠭᠠᠷᠬᠤ᠂ ᠳᠡᠭᠡᠭᠰᠢ ᠪᠠᠨ᠂ ᠳᠣᠷᠣᠭᠰᠢ ᠪᠠᠨ | ᠣᠷᠣᠨ ᠵᠠᠢ ᠶᠢ ᠥᠷᠭᠡᠳᠬᠡᠬᠦ ᠶᠢ ᠲᠥᠯᠥᠪᠵᠢᠭᠦᠯᠦᠨ ᠠᠬᠢᠭᠤᠯᠤᠨ᠎ᠠ᠃ ᠡᠭᠦᠨ ᠳᠤ᠂ ᠶᠢᠨ ᠯᠢ ᠲᠣᠭᠲᠠᠮᠠᠯ | ᠰᠣᠷᠢᠨᠵᠢᠨ ᠤ ᠲᠥᠷᠥᠯ ᠵᠦᠢᠯ ᠨᠢ 200 ᠭᠠᠷᠤᠢ ᠮᠦ ᠳᠣᠣᠷ᠎ᠠ ᠠᠰᠢᠭᠯᠠᠮᠵᠢ ᠲᠠᠢ ᠭᠠᠵᠠᠷ ᠢ ᠠᠮᠢᠯᠠᠭᠤᠯᠤᠭᠰᠠᠨ ᠢᠶᠠᠷ | ᠪᠠᠷᠠᠬᠤ ᠦᠭᠡᠢ᠂ ᠪᠠᠰᠠ ᠣᠯᠠᠨ ᠳᠠᠪᠬᠤᠷᠭᠠᠲᠤ ᠦᠢᠯᠡᠳᠪᠦᠷᠢ ᠶᠢᠨ ᠪᠠᠶᠢᠰᠢᠩ ᠤᠨ ᠪᠦᠲᠦᠭᠡᠨ ᠪᠠᠶᠢᠭᠤᠯᠤᠯᠲᠠ ᠶᠢ | ᠢᠳᠡᠪᠬᠢᠲᠡᠢ ᠥᠷᠨᠢᠭᠦᠯᠵᠦ᠂ ᠦᠢᠯᠡᠳᠪᠦᠷᠢᠯᠡᠯ ᠤᠨ ᠪᠠᠶᠢᠷᠢᠰᠢᠭᠤᠯᠤᠯᠲᠠ ᠶᠢ ᠨᠠᠷᠢᠯᠢᠭᠵᠢᠭᠤᠯᠵᠤ᠂ ᠲᠥᠷᠥᠯ ᠵᠦᠢᠯ ᠤᠨ | ᠪᠠᠭᠲᠠᠭᠠᠮᠵᠢ ᠶᠢᠨ ᠨᠣᠷᠮ᠎ᠠ ᠨᠢ 1.4 ᠬᠦᠷᠴᠦ᠂ ᠠᠵᠤ ᠦᠢᠯᠡᠳᠪᠦᠷᠢ ᠶᠢᠨ ᠬᠦᠷᠢᠶᠡᠯᠡᠩ ᠣᠷᠣᠨ ᠤ ᠪᠦᠲᠦᠭᠡᠨ | ᠪᠠᠶᠢᠭᠤᠯᠤᠯᠲᠠ ᠶᠢᠨ ᠰᠠᠭᠤᠷᠢ ᠱᠤᠭᠤᠮ ᠤᠨ 200% ᠪᠣᠯᠤᠭᠰᠠᠨ ᠪᠠᠶᠢᠨ᠎ᠠ᠃ | ᠲᠦᠷᠦᠯ ᠵᠦᠢᠯ ᠢ ᠠᠳᠬᠤᠵᠤ ᠠᠵᠤ ᠦᠢᠯᠡᠰ ᠢ ᠬᠦᠴᠦᠷᠬᠡᠭᠵᠢᠭᠦᠯᠬᠦ ᠳᠤ᠂ ᠦᠢᠯᠡᠴᠢᠯᠡᠭᠡ ᠪᠠᠲᠤᠯᠠᠪᠤᠷᠢ ᠶᠢᠨ | ᠠᠵᠢᠯ ᠢ ᠰᠠᠶᠢᠲᠤᠷ ᠬᠢᠬᠦ ᠪᠣᠯ ᠵᠠᠩᠭᠢᠯᠠᠭ᠎ᠠ ᠪᠣᠯᠣᠨ᠎ᠠ᠃ ᠭᠤᠷᠪᠠᠳᠤᠭᠠᠷ ᠤᠯᠠᠷᠢᠯ ᠳᠤ᠂ ᠶᠡᠷᠦᠩᠬᠡᠢ ᠪᠡᠯᠡ | ᠣᠷᠣᠭᠤᠯᠤᠯᠲᠠ ᠨᠢ 7 ᠳ᠋ᠦᠩᠰᠢᠭᠤᠷ ᠲᠥᠭᠦᠷᠢᠭ ᠲᠤ ᠬᠦᠷᠴᠦ᠂ 140 ᠮᠦ ᠰᠢᠬᠠᠮ ᠭᠠᠵᠠᠷ ᠡᠵᠡᠯᠡᠭᠰᠡᠨ | ᠪᠤᠭᠤᠲᠤ ᠶᠢᠨ ᠬᠤᠸᠠ ᠬᠤᠩ ᠤᠨ ︽ᠵᠢᠯ ᠳᠤ 2 ᠲᠦᠮᠡᠨ ᠲᠣᠨ ᠥᠨᠳᠥᠷ ᠴᠢᠳᠠᠪᠬᠢ ᠲᠠᠢ ᠬᠤᠪᠣᠷ ᠰᠢᠷᠣᠢ ᠶᠢᠨ | ᠲᠣᠭᠲᠠᠮᠠᠯ ᠰᠣᠷᠢᠨᠵᠢᠨ ᠮᠠᠲ᠋ᠧᠷᠢᠶᠠᠯ︾ ᠤᠨ ᠲᠦᠷᠦᠯ ᠵᠦᠢᠯ ᠢ ᠠᠮᠵᠢᠯᠲᠠ ᠲᠠᠢ ᠪᠠᠷᠢᠯᠭ᠎ᠠ ᠡᠬᠢᠯᠡᠭᠦᠯᠵᠡᠢ᠃ ᠭᠡᠲᠡᠯ᠎ᠡ᠂ | ᠲᠥᠷᠥᠯ ᠵᠦᠢᠯ ᠳᠤ ᠬᠡᠷᠡᠭᠯᠡᠬᠦ ᠭᠠᠵᠠᠷ ᠤᠨ ᠳᠣᠲᠣᠷ᠎ᠠ 6 ᠮᠦ ᠭᠠᠵᠠᠷ ᠡᠵᠡᠯᠡᠵᠦ ᠪᠠᠶᠢᠭ᠎ᠠ ᠨᠢᠭᠡᠨ ᠲᠣᠰᠣ ᠨᠡᠮᠡᠬᠦ | ᠥᠷᠲᠡᠭᠡ ᠪᠠ ᠬᠤᠭ ᠨᠣᠪᠰᠢ ᠰᠢᠢᠳᠪᠦᠷᠢᠯᠡᠬᠦ ᠥᠷᠲᠡᠭᠡ ᠨᠢ ᠠᠵᠤ ᠠᠬᠤᠶᠢᠯᠠᠯ ᠤᠨ ᠲᠥᠯᠦᠪᠵᠢᠭᠦᠯᠭᠡ | ᠪᠠᠶᠢᠷᠢᠯᠠᠭᠤᠯᠤᠯᠲᠠ ᠳᠤ ᠲᠤᠶᠢᠯ ᠤᠨ ᠳᠥᠭᠦᠮ ᠦᠭᠡᠢ ᠪᠣᠯᠵᠠᠢ᠃ ᠲᠥᠷᠥᠯ ᠵᠦᠢᠯ ᠤᠨ ᠪᠦᠲᠦᠭᠡᠨ | ᠪᠠᠶᠢᠭᠤᠯᠤᠯᠲᠠ ᠳᠤ ᠰᠠᠶᠢᠲᠤᠷ ᠦᠢᠯᠡᠴᠢᠯᠡᠬᠦ ᠶᠢᠨ ᠲᠥᠯᠥᠭᠡ᠂ ᠬᠤᠪᠣᠷ ᠰᠢᠷᠣᠢ ᠶᠢᠨ ᠳᠡᠭᠡᠳᠦ ᠰᠢᠨ᠎ᠡ ᠮᠡᠷᠭᠡᠵᠢᠯ ᠤᠨ | ᠣᠷᠣᠨ ᠤ ᠲᠥᠯᠦᠪᠵᠢᠭᠦᠯᠭᠡ ᠶᠢᠨ ᠬᠤᠪᠢᠶᠠᠷᠢ ᠲᠣᠪᠴᠢᠶ᠎ᠠ ᠰᠠᠨᠠᠭᠠᠴᠢᠯᠠᠭ᠎ᠠ ᠠᠴᠠ ᠪᠠᠨ ᠡᠮᠦᠨ᠎ᠡ ᠨᠢ ᠦᠢᠯᠡᠴᠢᠯᠡᠵᠦ᠂ | ᠳᠦᠷᠢᠮ ᠳᠤ ᠲᠣᠬᠢᠷᠠᠭᠤᠯᠤᠯᠲᠠ ᠬᠢᠬᠦ ᠨᠤᠲᠠᠯᠠᠯᠲᠠ ᠶᠢ ᠲᠦᠷᠭᠡᠨ ᠬᠢᠬᠦ ᠶᠢᠨ ᠬᠠᠮᠲᠤ ᠣᠯᠠᠨ ᠰᠠᠯᠠᠭ᠎ᠠ ᠮᠥᠴᠢᠷ ᠢᠶᠠᠷ | ᠳᠠᠮᠵᠢᠭᠤᠯᠤᠨ ᠵᠣᠬᠢᠴᠠᠭᠤᠯᠤᠨ ᠰᠢᠢᠳᠪᠦᠷᠢᠯᠡᠵᠦ᠂ ᠬᠤᠸᠠ ᠬᠤᠩ ᠲᠥᠷᠥᠯ ᠵᠦᠢᠯ ᠤᠨ ᠪᠠᠷᠢᠯᠭ᠎ᠠ ᠶᠢᠨ ᠠᠵᠢᠯ ᠤᠨ ︽ | ᠬᠠᠷᠰᠢ ᠰᠠᠭᠠᠳ︾ ᠢ ᠴᠠᠭ ᠲᠤᠬᠠᠢ ᠳᠤᠨᠢ ᠰᠢᠢᠳᠷᠪᠦᠷᠢᠯᠡᠬᠦ ᠪᠠᠷ ᠮᠡᠷᠡᠶᠢᠵᠣ ᠪᠣᠢ᠃ | ︽ᠲᠥᠯᠦᠪᠵᠢᠭᠦᠯᠭᠡ ᠨᠢ ᠡᠮᠬᠢ ᠵᠢᠷᠤᠮ ᠲᠠᠢ᠂ ᠦᠢᠯᠡᠴᠢᠯᠡᠭᠡ ᠨᠢ ᠵᠠᠢ ᠦᠭᠡᠢ︾ ᠪᠠᠶᠢᠬᠤ ᠣᠨᠣᠯᠵᠢᠬᠤᠨ ᠢ | ᠪᠠᠷᠢᠮᠲᠠᠯᠠᠵᠤ᠂ ᠬᠤᠪᠣᠷ ᠰᠢᠷᠣᠢ ᠶᠢᠨ ᠳᠡᠭᠡᠳᠦ ᠰᠢᠨ᠎ᠡ ᠮᠡᠷᠭᠡᠵᠢᠯ ᠤᠨ ᠣᠷᠣᠨ ᠤ ᠲᠥᠯᠦᠪᠵᠢᠭᠦᠯᠭᠡ ᠶᠢᠨ ᠬᠤᠪᠢᠶᠠᠷᠢ | ᠲᠣᠪᠴᠢᠶ᠎ᠠ ᠬᠢᠭᠡᠳ ᠠᠵᠤ ᠠᠬᠤᠢ᠂ ᠬᠤᠳᠠᠯᠳᠤᠭᠠᠴᠢᠨ ᠤᠷᠢᠬᠤ ᠵᠡᠷᠭᠡ ᠰᠠᠯᠠᠭ᠎ᠠ ᠮᠥᠴᠢᠷ ᠤᠳ ᠪᠠᠶᠢᠩᠭᠤ ᠶᠢᠨ | ᠴᠢᠨᠠᠷᠲᠠᠢ ᠨᠡᠪᠲᠡᠷᠡᠯᠴᠡᠵᠦ ᠬᠠᠮᠲᠤᠷᠠᠨ ᠬᠥᠳᠡᠯᠦᠯᠴᠡᠬᠦ ᠲᠣᠭᠲᠠᠴᠠ ᠶᠢ ᠪᠠᠶᠢᠭᠤᠯᠵᠤ᠂ ᠠᠵᠤ ᠦᠢᠯᠡᠰ ᠤᠨ | ᠬᠥᠭᠵᠢᠯᠲᠡ ᠶᠢᠨ ᠮᠡᠳᠡᠭᠡ ᠵᠠᠩᠭᠢ᠂ ᠬᠤᠳᠠᠯᠳᠤᠭᠠᠴᠢᠨ ᠤᠷᠢᠬᠤ ᠲᠥᠷᠥᠯ ᠵᠦᠢᠯ ᠤᠨ ᠮᠡᠳᠡᠭᠡ ᠵᠠᠩᠭᠢ ᠪᠠ ᠭᠠᠵᠠᠷ | ᠬᠡᠷᠡᠭᠯᠡᠬᠦ ᠬᠡᠷᠡᠭᠴᠡᠭᠡ ᠱᠠᠭᠠᠷᠳᠠᠯᠭ᠎ᠠ ᠶᠢᠨ ᠮᠡᠳᠡᠭᠡ ᠵᠠᠩᠭᠢ ᠶᠢ ᠲᠣᠭᠲᠠᠮᠠᠯ ᠬᠤᠭᠤᠴᠠᠭ᠎ᠠ ᠲᠠᠢ ᠪᠠᠷ ᠬᠠᠮᠲᠤᠪᠠᠷ ᠡᠳ᠋ᠯᠡᠨ᠎ᠡ | ᠃ ᠬᠠᠮᠲᠤᠷᠠᠨ ᠬᠤᠳᠠᠯᠳᠤᠭᠠᠴᠢᠨ ᠤᠷᠢᠬᠤ ᠠᠵᠢᠯ ᠳᠤ ᠣᠷᠣᠯᠴᠠᠵᠤ᠂ ᠲᠥᠷᠥᠯ ᠵᠦᠢᠯ ᠤᠨ ᠵᠥᠪᠳᠡᠯᠴᠡᠭᠡᠨ ᠤ | ᠡᠬᠢᠨ ᠤ ᠬᠤᠭᠤᠴᠠᠭᠠᠨ ᠳᠤ ᠳᠠᠷᠤᠢ ᠤᠷᠢᠳᠴᠢᠯᠠᠨ ᠣᠷᠣᠯᠴᠠᠵᠤ᠂ ︽ᠨᠢᠭᠡ ᠳᠤ ᠨᠢᠭᠡ ᠲᠠᠢ︾ ᠦᠢᠯᠡᠴᠢᠯᠡᠭᠡᠨ ᠤ | ᠠᠵᠤ ᠠᠬᠤᠶᠢᠯᠠᠯ ᠤᠨ ᠸᠢᠴᠠᠲ ᠤᠨ ᠰᠦᠷᠦᠭᠵᠢᠯ ᠢ ᠪᠠᠶᠢᠭᠤᠯᠤᠨ᠂ ᠲᠥᠯᠦᠪᠵᠢᠭᠦᠯᠭᠡ ᠶᠢᠨ ᠲᠠᠯ᠎ᠠ ᠠᠴᠠ ᠲᠥᠷᠥᠯ | ᠵᠦᠢᠯ ᠤᠨ ᠭᠠᠵᠠᠷ ᠰᠣᠩᠭᠤᠬᠤ ᠪᠠ ᠭᠠᠵᠠᠷ ᠬᠡᠷᠡᠭᠯᠡᠬᠦ ᠬᠡᠪᠴᠢᠶ᠎ᠡ ᠳᠤ ᠲᠤᠰᠬᠠᠢ ᠮᠡᠷᠭᠡᠵᠢᠯ ᠤᠨ ᠰᠠᠨᠠᠭᠤᠯᠭ᠎ᠠ | ᠬᠠᠩᠭᠠᠵᠤ᠂ ᠪᠣᠳᠠᠲᠠᠶᠢᠵᠢᠭᠤᠯᠤᠭᠰᠠᠨ ᠲᠥᠷᠥᠯ ᠵᠦᠢᠯ ᠳᠤ ᠪᠥᠬᠦ ᠴᠤᠪᠤᠷᠠᠯ᠂ ᠬᠠᠮᠢᠶᠠᠷᠤᠭᠴᠢ ᠮᠠᠶ᠋ᠢᠭ ᠤᠨ | ᠦᠢᠯᠡᠴᠢᠯᠡᠭᠡ ᠬᠠᠩᠭᠠᠵᠤ᠂ ᠰᠢᠶᠠᠮᠧᠨ ᠤ ᠸᠣᠯᠹᠷᠠᠮ ᠤᠨ ᠦᠢᠯᠡᠰ᠂ ᠪᠤᠭᠤᠲᠤ ᠶᠢᠨ ᠬᠤᠸᠠ ᠬᠤᠩ ᠵᠡᠷᠭᠡ ᠲᠥᠷᠥᠯ | ᠵᠦᠢᠯ ᠤᠨ ᠲᠤᠬᠠᠢ ᠶᠢᠨ ᠵᠢᠯ ᠳᠤ ᠭᠡᠷ᠎ᠡ ᠲᠣᠭᠲᠠᠬᠤ᠂ ᠲᠤᠬᠠᠢ ᠶᠢᠨ ᠵᠢᠯ ᠳᠤ ᠪᠠᠷᠢᠯᠭ᠎ᠠ ᠡᠬᠢᠯᠡᠭᠦᠯᠬᠦ ᠶᠢ ᠬᠦᠴᠦᠲᠡᠢ | ᠲᠦᠯᠬᠢᠨ ᠠᠬᠢᠭᠤᠯᠪᠠ᠃ |