ᠬᠤᠷᠢᠨ ᠵᠢᠷᠭᠤᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠤᠯᠠᠨ ᠤᠯᠤᠰ ᠤᠨ ᠳᠡᠭᠡᠳᠦ ᠰᠢᠨ᠎ᠡ | ᠮᠡᠷᠭᠡᠵᠢᠯ ᠤᠨ ᠦᠷ᠎ᠡ ᠪᠦᠲᠦᠭᠡᠯ ᠤᠨ ᠠᠷᠠᠯᠵᠢᠶᠠᠨ ᠤ ᠴᠤᠭᠯᠠᠭᠠᠨ ᠳᠡᠭᠡᠷ᠎ᠡ᠂ ᠬᠤᠪᠣᠷ ᠰᠢᠷᠣᠢ ᠶᠢᠨ ᠳᠡᠭᠡᠳᠦ ᠰᠢᠨ᠎ᠡ | ᠮᠡᠷᠭᠡᠵᠢᠯ ᠤᠨ ᠣᠷᠣᠨ ᠤ 112 ᠵᠦᠢᠯ ᠤᠨ ᠰᠢᠨᠵᠢᠯᠡᠬᠦ ᠤᠬᠠᠭᠠᠨ ᠮᠡᠷᠭᠡᠵᠢᠯ ᠤᠨ ᠪᠦᠲᠦᠭᠡᠭᠳᠡᠬᠦᠨ | ᠦᠵᠡᠰᠬᠦᠯᠡᠩ ᠳᠤ ᠣᠷᠣᠯᠴᠠᠵᠤ᠂ ᠬᠤᠪᠣᠷ ᠰᠢᠷᠣᠢ ᠶᠢᠨ ᠰᠢᠨ᠎ᠡ ᠮᠠᠲ᠋ᠧᠷᠢᠶᠠᠯ᠂ ᠬᠤᠪᠣᠷ ᠰᠢᠷᠣᠢ ᠶᠢᠨ ᠬᠡᠷᠡᠭᠯᠡᠭᠡ᠂ | ᠰᠢᠨ᠎ᠡ ᠡᠨᠧᠷᠭᠢ᠂ ᠳᠡᠭᠡᠳᠦ ᠲᠡᠰ ᠤᠨ ᠲᠣᠨᠣᠭᠯᠠᠯ ᠦᠢᠯᠡᠳᠬᠦ᠂ ᠠᠮᠢᠳᠤ ᠪᠣᠳᠠᠰ ᠤᠨ ᠡᠮ ᠦᠢᠯᠡᠳᠬᠦ᠂ ᠠᠮᠢᠳᠤ | ᠪᠣᠳᠠᠰ ᠤᠨ ᠡᠭᠦᠯᠳᠡᠷ ᠪᠣᠶᠢᠵᠢᠭᠤᠯᠬᠤ ᠵᠡᠷᠭᠡ ᠬᠦᠷᠢᠶ᠎ᠡ ᠶᠢ ᠰᠤᠨᠳᠠᠯᠠᠭᠰᠠᠨ ᠪᠠᠶᠢᠨ᠎ᠠ᠃ ᠥᠪᠥᠷ ᠮᠣᠩᠭᠤᠯ ᠤᠨ | ᠨᠢᠭᠡᠳᠦᠭᠡᠷ ᠮᠠᠰᠢᠨ ᠮᠧᠬᠠᠨᠢᠭ ᠤᠨ ᠪᠦᠯᠦᠭᠯᠡᠯ ᠤᠨ ᠬᠤᠩ ᠶᠤᠸᠠᠨ ᠴᠠᠬᠢᠯᠭᠠᠨ ᠬᠡᠷᠡᠭᠰᠡᠯ ᠤᠨ ᠬᠤᠪᠢ ᠣᠷᠣᠭᠤᠯᠤᠭᠰᠠᠨ | ᠬᠢᠵᠠᠭᠠᠷᠲᠤ ᠺᠣᠮᠫᠠᠨᠢ ᠵᠡᠷᠭᠡ 7 ᠠᠵᠤ ᠠᠬᠤᠶᠢᠯᠠᠯ ︽ᠰᠢᠯᠢᠳᠡᠭ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ | ᠡᠭᠦᠳᠬᠦ ᠠᠵᠤ ᠠᠬᠤᠶᠢᠯᠠᠯ ᠤᠨ ᠱᠠᠩᠨᠠᠯ︾ ᠢ ᠭᠥᠷᠳᠡᠪᠡ᠃ ᠳᠡᠭᠡᠳᠦ ᠰᠢᠨ᠎ᠡ ᠮᠡᠷᠭᠡᠵᠢᠯ ᠤᠨ ᠣᠷᠣᠨ ᠤ | ᠦᠵᠡᠰᠬᠦᠯᠡᠩ ᠳᠤ ᠣᠷᠣᠯᠴᠠᠭᠰᠠᠨ ᠠᠵᠤ ᠠᠬᠤᠶᠢᠯᠠᠯ ᠡᠯ᠎ᠡ ᠲᠦᠷᠦᠯ ᠤᠨ ᠪᠠᠶᠢᠭᠤᠯᠤᠮᠵᠢ᠂ ᠬᠠᠮᠲᠤᠷᠠᠯᠴᠠᠭᠠᠨ ᠤ | ᠨᠢᠭᠡᠴᠡ ᠶᠢ ᠨᠡᠶᠢᠳᠡ 38 ᠵᠣᠯᠭᠠᠭᠤᠯᠵᠤ᠂ ᠬᠠᠮᠲᠤᠷᠠᠯᠴᠠᠭᠠᠨ ᠤ ᠰᠠᠨᠠᠮᠵᠢ ᠶᠢ 43 ᠪᠣᠯᠣᠨ ᠲᠣᠬᠢᠷᠠᠯᠴᠠᠵᠠᠢ᠃ | | | | | ᠥᠪᠥᠷ ᠮᠣᠩᠭᠤᠯ ᠤᠨ ᠨᠢᠭᠡᠳᠦᠭᠡᠷ ᠮᠠᠰᠢᠨ ᠮᠧᠬᠠᠨᠢᠭ ᠤᠨ ᠪᠦᠯᠦᠭᠯᠡᠯ ᠤᠨ ᠬᠤᠩ ᠶᠤᠸᠠᠨ ᠴᠠᠬᠢᠯᠭᠠᠨ | ᠬᠡᠷᠡᠭᠰᠡᠯ ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠭᠠᠷᠭᠠᠭᠰᠠᠨ ᠮᠠᠰᠢᠨ ᠲᠡᠷᠭᠡᠨ ᠤ ᠪᠣᠯᠪᠠᠰᠤᠷᠠᠯ ᠤᠨ | ᠳᠠᠭᠤᠷᠢᠶᠠᠭᠤᠷ ᠨᠢ ᠨᠡᠩ ᠴᠤ ᠨᠢᠳᠦ ᠭᠢᠯᠠᠰᠴᠤ᠂ ᠲᠡᠷᠡ ᠨᠢ ᠨᠢᠭᠡ ᠴᠣᠭᠴᠠᠵᠢᠭᠤᠯᠤᠨ ᠵᠢᠷᠤᠵᠤ ᠲᠥᠯᠥᠪᠯᠡᠬᠦ᠂ | ᠬᠡᠰᠡᠭᠵᠢᠭᠦᠯᠦᠨ ᠪᠦᠲᠦᠭᠡᠨ ᠪᠠᠶᠢᠭᠤᠯᠬᠤ᠂ ᠨᠡᠶᠢᠯᠡᠮᠡᠯ ᠬᠡᠯᠪᠡᠷᠢ ᠪᠠᠷ ᠬᠡᠷᠡᠭᠯᠡᠬᠦ ᠵᠠᠷᠴᠢᠮ ᠶᠣᠰᠣᠭᠠᠷ᠂ ᠲᠡᠷᠢᠭᠦᠨ ᠤ | ᠵᠢᠷᠤᠭ ᠳᠦᠷᠰᠦ ᠶᠢᠨ ᠬᠥᠳᠡᠯᠭᠡᠭᠦᠷ ᠢ ᠬᠡᠷᠡᠭᠯᠡᠨ᠂ ᠲᠡᠷᠭᠡᠨ ᠤ ᠬᠥᠳᠡᠯᠭᠡᠬᠦ ᠬᠦᠴᠦᠨ ᠤ ᠵᠠᠭᠪᠤᠷ ᠲᠤ ᠵᠠᠳᠠᠯᠤᠯᠲᠠ ᠬᠢᠬᠦ | ᠵᠢᠴᠢ ᠲᠣᠨᠣᠭᠯᠠᠯ ᠤᠨ ᠰᠢᠰᠲ᠋ᠧᠮ ᠤᠨ ᠭᠦᠢᠴᠡᠳᠬᠡᠬᠦ ᠪᠠᠶᠢᠭᠤᠯᠤᠮᠵᠢ ᠳᠤ ᠬᠥᠳᠡᠯᠦᠩᠭᠦᠢ ᠳᠠᠭᠤᠷᠢᠶᠠᠮᠠᠯ ᠬᠢᠵᠦ᠂ | ᠠᠳᠠᠯᠢᠪᠲᠤᠷ ᠳᠠᠭᠤᠷᠢᠶᠠᠮᠠᠯ ᠪᠣᠯᠪᠠᠰᠤᠷᠠᠯ ᠤᠨ ᠣᠷᠴᠢᠨ ᠲᠣᠭᠤᠷᠢᠨ ᠵᠢᠴᠢ ᠪᠣᠯᠪᠠᠰᠤᠷᠠᠯ ᠤᠨ ᠦᠷ᠎ᠡ ᠪᠦᠲᠦᠮᠵᠢ ᠶᠢ | ᠪᠣᠢ ᠪᠣᠯᠭᠠᠪᠠ᠃ | ᠪᠤᠭᠤᠲᠤ ᠶᠢᠨ ᠬᠤᠪᠣᠷ ᠰᠢᠷᠣᠢ ᠶᠢᠨ ᠰᠤᠳᠤᠯᠭᠠᠨ ᠤ ᠬᠦᠷᠢᠶᠡᠯᠡᠩ ᠨᠢ ᠪᠦᠬᠦ ᠤᠯᠤᠰ ᠤᠨ ᠬᠠᠮᠤᠭ ᠤᠨ ᠶᠡᠭᠡ | ᠶᠡᠷᠦᠩᠬᠡᠶᠢᠯᠡᠭᠰᠡᠨ ᠴᠢᠨᠠᠷᠲᠠᠢ ᠬᠤᠪᠣᠷ ᠰᠢᠷᠣᠢ ᠶᠢ ᠰᠤᠳᠤᠯᠤᠨ ᠨᠡᠭᠡᠭᠡᠬᠦ ᠪᠠᠶᠢᠭᠤᠯᠤᠮᠵᠢ ᠪᠣᠯᠤᠭᠰᠠᠨ ᠤ ᠬᠤᠪᠢ ᠳᠤ᠂ | 42 ᠵᠦᠢᠯ ᠤᠨ ᠦᠷ᠎ᠡ ᠪᠦᠲᠦᠭᠡᠯ ᠢ ᠳᠡᠯᠭᠡᠨ ᠦᠵᠡᠭᠦᠯᠵᠦ᠂ ᠬᠤᠪᠣᠷ ᠰᠢᠷᠣᠢ ᠶᠢᠨ ᠰᠣᠷᠢᠨᠵᠢᠨ ᠮᠠᠲ᠋ᠧᠷᠢᠶᠠᠯ᠂ ᠬᠤᠪᠣᠷ | ᠰᠢᠷᠣᠢ ᠶᠢᠨ ᠲᠣᠮᠣ ᠮᠤᠯᠧᠺᠦᠶᠢᠯᠲᠤ ᠲᠤᠰᠠᠯᠠᠬᠤ ᠮᠠᠲ᠋ᠧᠷᠢᠶᠠᠯ᠂ ᠬᠤᠪᠣᠷ ᠰᠢᠷᠣᠢ ᠶᠢᠨ ᠢᠯᠴᠢ ᠶᠢᠨ ᠬᠠᠮᠢᠶᠠᠷᠤᠯᠲᠠ ᠶᠢᠨ | ᠮᠠᠲ᠋ᠧᠷᠢᠶᠠᠯ᠂ ᠬᠤᠪᠣᠷ ᠰᠢᠷᠣᠢ ᠶᠢᠨ ᠪᠠᠺᠲ᠋ᠧᠷᠢ ᠡᠰᠡᠷᠭᠦᠴᠡᠬᠦ ᠮᠠᠲ᠋ᠧᠷᠢᠶᠠᠯ᠂ ᠬᠤᠪᠣᠷ ᠰᠢᠷᠣᠢ ᠶᠢᠨ ᠬᠠᠶᠢᠯᠤᠰᠢ ᠶᠢᠨ | ᠮᠠᠲ᠋ᠧᠷᠢᠶᠠᠯ᠂ ᠬᠤᠪᠣᠷ ᠰᠢᠷᠣᠢ ᠶᠢᠨ ᠭᠡᠷᠡᠯ ᠤᠨ ᠴᠢᠳᠠᠮᠵᠢᠲᠤ ᠮᠠᠲ᠋ᠧᠷᠢᠶᠠᠯ ᠵᠡᠷᠭᠡ ᠬᠦᠷᠢᠶ᠎ᠡ ᠶᠢ ᠬᠠᠮᠤᠷᠴᠠᠢ᠃ | |