【 ᠵᠢᠷᠤᠭᠲᠤ ᠮᠡᠳᠡᠭᠡ 2024 ᠭᠤᠤᠯᠳᠠᠯᠭ᠎ᠠ ᠲᠠᠢ ᠲᠥᠷᠥᠯ ᠵᠦᠢᠯ 】ᠰᠢᠨ ᠯᠢᠨ ᠰᠢᠨ᠎ᠡ ᠮᠠᠲ᠋ᠧᠷᠢᠶᠠᠯ ᠤᠨ ᠵᠢᠯ ᠤᠨ ᠭᠠᠷᠤᠯᠲᠠ ᠨᠢ ᠵᠢᠯ ᠳᠤ 2000 ᠲᠣᠨ ᠨᠠᠷᠢᠯᠢᠭ ᠲᠣᠭᠲᠠᠮᠠᠯ ᠰᠣᠷᠢᠨᠵᠢᠨ ᠪᠡᠶ᠎ᠡ ᠶᠢᠨ ᠲᠥᠷᠥᠯ ᠵᠦᠢᠯ
ᠨᠡᠶᠢᠲᠡᠯᠡᠭᠰᠡᠨ ᠴᠠᠭ᠄
2024/10/28
    ᠰᠢᠨ ᠯᠢᠨ ᠰᠢᠨ᠎ᠡ ᠮᠠᠲ᠋ᠧᠷᠢᠶᠠᠯ ᠤᠨ ᠬᠢᠵᠠᠭᠠᠷᠲᠤ ᠺᠣᠮᠫᠠᠨᠢ ᠵᠢᠯ ᠳᠤ 2000 ᠲᠣᠨ ᠳᠡᠭᠡᠳᠦ ᠨᠠᠷᠢᠯᠢᠭ ᠲᠣᠭᠲᠠᠮᠠᠯ ᠰᠣᠷᠢᠨᠵᠢᠨ ᠪᠡᠶᠡᠲᠦ ᠦᠢᠯᠡᠳᠬᠦᠨ ᠤ ᠲᠦᠷᠦᠯ ᠵᠦᠢᠯ ᠤᠨ ᠶᠡᠷᠦᠩᠬᠡᠢ ᠪᠡᠯᠡ ᠣᠷᠣᠭᠤᠯᠤᠯᠲᠠ ᠨᠢ 1 ᠳ᠋ᠦᠩᠰᠢᠭᠤᠷ ᠲᠥᠭᠦᠷᠢᠭ ᠲᠤ ᠬᠦᠷᠴᠦ᠂ ᠭᠤᠣᠯᠳᠠᠭᠤ 2000 ᠲᠣᠨ ᠥᠨᠳᠥᠷ ᠴᠢᠳᠠᠪᠬᠢᠲᠤ ᠨᠸᠣᠳᠢᠮ ᠲᠡᠮᠦᠷ ᠤᠨ ᠪᠤᠷ᠂ 3800 ᠲᠣᠨ ᠬᠢᠯᠦ᠋ᠢᠯᠭᠠᠬᠤ ᠨᠤᠨᠳᠠᠭ ᠵᠢᠴᠢ ᠬᠢᠯᠤ ᠶᠢᠨ ᠰᠢᠩᠭᠡᠨ᠂ 600 ᠲᠣᠨ ᠳᠤᠮᠳᠠ ᠬᠦᠨᠳᠦ ᠬᠤᠪᠣᠷ ᠰᠢᠷᠣᠢ ᠶᠢᠨ ᠬᠠᠶᠢᠯᠤᠰᠢ ᠶᠢᠨ ᠦᠢᠯᠡᠳᠪᠦᠷᠢᠯᠡᠯ ᠤᠨ ᠱᠤᠭᠤᠮ ᠢ ᠪᠠᠶᠢᠭᠤᠯᠵᠤ᠂ ᠲᠤᠰ ᠲᠦᠷᠦᠯ ᠵᠦᠢᠯ ᠨᠢ ᠬᠤᠪᠣᠷ ᠰᠢᠷᠣᠢ ᠶᠢᠨ ᠠᠵᠤ ᠦᠢᠯᠡᠰ ᠤᠨ ᠬᠡᠯᠬᠢᠶ᠎ᠡ ᠶᠢᠨ ᠳᠤᠮᠳᠠ ᠰᠡᠭᠦᠯ ᠳᠤ ᠪᠤᠢ᠃
ᠣᠶᠤᠨᠲᠤ ᠲᠣᠭᠠᠨ ᠡᠵᠡᠮᠰᠢᠯᠲᠦ ᠱᠦᠷᠬᠦᠬᠦᠷ ᠣᠷᠣ     ᠺᠣᠮᠫᠠᠨᠢ ᠳᠤ ᠮᠡᠷᠭᠡᠵᠢᠯ ᠤᠨ ᠲᠤᠰᠬᠠᠶ ᠠᠰᠢᠭ 30 ᠵᠦᠢᠯ᠂ ᠳᠠᠩᠰᠠᠯᠠᠭᠤᠯᠤᠭᠰᠠᠨ ᠲᠠᠸᠠᠷ ᠤᠨ ᠲᠡᠮᠳᠡᠭ 3 ᠵᠦᠢᠯ᠂ ᠵᠣᠬᠢᠶᠠᠯ ᠪᠦᠲᠦᠭᠡᠯ ᠤᠨ ᠡᠷᠬᠡ 2 ᠵᠦᠢᠯ ᠪᠠᠶᠢᠵᠤ᠂ ᠤᠯᠤᠰ ᠤᠨ ᠳᠣᠲᠣᠭᠠᠳᠤ ᠶᠢᠨ ᠠᠩᠬᠠᠳᠠᠭᠴᠢ ᠣᠨᠴᠠᠭᠠᠶ ᠬᠡᠯᠪᠡᠷᠢ ᠶᠢᠨ ᠬᠤᠪᠣᠷ ᠰᠢᠷᠣᠶ ᠶᠢᠨ ᠰᠣᠷᠢᠨᠵᠢᠨ ᠮᠠᠲ᠋ᠧᠷᠢᠶᠠᠯ ᠦᠢᠯᠡᠳᠴᠦ ᠪᠣᠯᠬᠤ ᠠᠵᠤ ᠠᠬᠤᠶᠢᠯᠠᠯ ᠪᠣᠯᠤᠨ᠎ᠠ᠃ ᠲᠥᠷᠥᠯ ᠵᠦᠢᠯ ᠤᠨ ᠪᠡᠶ᠎ᠡ ᠪᠠᠨ ᠳᠠᠭᠠᠭᠠᠵᠤ ᠰᠤᠳᠤᠯᠤᠨ ᠨᠡᠭᠡᠭᠡᠭᠰᠡᠨ ᠨᠠᠷᠢᠯᠢᠭ ᠪᠣᠯᠪᠠᠰᠤᠷᠠᠭᠤᠯᠬᠤ ᠤᠷ᠎ᠠ ᠮᠡᠷᠭᠡᠰᠢᠯ ᠨᠢ ᠠᠵᠢᠯ ᠲᠥᠷᠥᠯ ᠤᠨ ᠲᠡᠷᠢᠭᠦᠨ ᠤ ᠬᠢᠷᠢ ᠲᠦᠪᠰᠢᠨ ᠳᠤ ᠪᠠᠶᠢᠨ᠎ᠠ᠃
CCD ᠪᠠᠶᠢᠴᠠᠭᠠᠬᠤ ᠲᠥᠬᠦᠭᠡᠷᠦᠮᠵᠢ        ᠲᠥᠷᠥᠯ ᠵᠦᠢᠯ ᠢ 2024 ᠣᠨ ᠤ 1 ᠰᠠᠷ᠎ᠠ ᠳᠤ ᠡᠬᠢᠯᠡᠨ ᠪᠠᠶᠢᠭᠤᠯᠵᠤ᠂ ᠣᠳᠣᠬᠠᠨ ᠳᠤ ᠪᠦᠬᠦᠯᠢ ᠴᠣᠭᠴᠠ ᠶᠢᠨ ᠠᠬᠢᠴᠠ ᠶᠢᠨ 80% ᠶᠢ ᠨᠢᠭᠡᠨᠲᠡ ᠪᠡᠶᠡᠯᠡᠭᠦᠯᠵᠦ᠂ ᠵᠢᠱᠢᠯᠲᠡ ᠪᠠᠷ 2024 ᠣᠨ ᠤ ᠵᠢᠯ ᠤᠨ ᠡᠴᠦᠰ ᠲᠤ ᠠᠵᠢᠯ ᠳᠠᠭᠤᠰᠬᠠᠵᠤ᠂ ᠲᠣᠰ ᠵᠢᠯ ᠤᠨ ᠪᠥᠲᠥᠭᠡᠨ ᠪᠠᠶᠢᠭᠤᠯᠤᠯᠲᠠ᠂ ᠲᠤᠬᠠᠶ ᠶᠢᠨ ᠵᠢᠯ ᠳᠤ ᠪᠥᠲᠥᠭᠡᠨ ᠪᠠᠶᠢᠭᠤᠯᠤᠯᠲᠠ᠂ ᠲᠤᠬᠠᠶ ᠶᠢᠨ ᠵᠢᠯ ᠳᠤ ᠠᠰᠢᠭᠯᠠᠯᠲᠠ ᠳᠤ ᠣᠷᠣᠭᠤᠯᠬᠤ ᠶᠢ ᠪᠡᠶᠡᠯᠡᠭᠦᠯᠦᠨ᠎ᠡ᠃ ᠲᠥᠷᠥᠯ ᠵᠦᠢᠯ ᠪᠠᠶᠢᠭᠤᠯᠤᠭᠳᠠᠭᠰᠠᠨ ᠤ ᠳᠠᠷᠠᠭ᠎ᠠ᠂ ᠵᠢᠯ ᠳᠤᠮᠳᠠᠴᠢ ᠶᠢᠨ ᠡᠵᠡᠩᠨᠡᠯᠲᠡ ᠶᠢᠨ ᠣᠷᠣᠯᠭ᠎ᠠ ᠶᠢ 1.8 ᠳ᠋ᠦᠩᠰᠢᠭᠤᠷ ᠲᠥᠭᠦᠷᠢᠭ ᠪᠡᠶᠡᠯᠡᠭᠦᠯᠦᠨ᠎ᠡ᠃
ᠥᠪᠡᠷᠲᠡᠭᠡᠨ ᠨᠠᠭᠠᠯᠳᠤᠭᠤᠯᠬᠤ ᠮᠠᠲ᠋ᠧᠷᠢᠶᠠᠯ ᠤᠨ ᠮᠠᠰᠢᠨ
 
ᠢᠷᠡᠯᠲᠡ᠄ ᠬᠤᠪᠣᠷ ᠰᠢᠷᠣᠶ ᠶᠢᠨ ᠳᠡᠭᠡᠳᠦ ᠰᠢᠨ᠎ᠡ ᠮᠡᠷᠭᠡᠵᠢᠯ ᠤᠨ ᠣᠷᠣᠨ ᠤ ᠸᠢᠴᠠᠲ ᠤᠨ ᠨᠡᠶᠢᠲᠡ ᠶᠢᠨ ᠳ᠋ᠤᠭᠠᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号