ᠳᠡᠭᠡᠳᠦ ᠰᠢᠨ᠎ᠡ ᠮᠡᠷᠭᠡᠵᠢᠯ ᠤᠨ ᠣᠷᠣᠨ ᠤ 3 ᠠᠵᠤ ᠠᠬᠤᠶᠢᠯᠠᠯ ᠤᠨ ᠦᠢᠯᠡᠳᠬᠦᠨ 2023 ᠣᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠢᠨ᠎ᠡ ᠡᠨᠧᠷᠭᠢ ᠶᠢᠨ ᠲᠣᠨᠣᠭᠯᠠᠯ ᠤᠨ ᠦᠢᠯᠡᠳᠬᠦᠨ ᠤ ᠰᠢᠯᠢᠳᠡᠭ ᠢ ᠰᠣᠩᠭᠤᠨ ᠲᠠᠨᠢᠯᠴᠠᠭᠤᠯᠬᠤ ᠨᠡᠷᠡᠰ ᠲᠤ ᠰᠣᠩᠭᠤᠭᠳᠠᠪᠠ
ᠨᠡᠶᠢᠲᠡᠯᠡᠭᠰᠡᠨ ᠴᠠᠭ᠄
2023/5/9
    ᠣᠶᠢᠷ᠎ᠠ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠲᠢᠩᠬᠢᠮ 2023 ᠣᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠢᠨ᠎ᠡ ᠡᠨᠧᠷᠭᠢ ᠶᠢᠨ ᠲᠣᠨᠣᠭᠯᠠᠯ ᠤᠨ ᠦᠢᠯᠡᠳᠬᠦᠨ ᠤ ᠰᠢᠯᠢᠳᠡᠭ ᠢ ᠰᠣᠩᠭᠤᠨ ᠲᠠᠨᠢᠯᠴᠠᠭᠤᠯᠬᠤ ᠨᠡᠷᠡᠰ ᠤᠨ ᠵᠢᠭᠰᠠᠭᠠᠯᠲᠠ ᠶᠢ ᠨᠡᠶᠢᠲᠡᠯᠡᠵᠦ᠂ ᠳᠡᠭᠡᠳᠦ ᠰᠢᠨ᠎ᠡ ᠮᠡᠷᠭᠡᠵᠢᠯ ᠤᠨ ᠣᠷᠣᠨ ᠤ 3 ᠠᠵᠤ ᠠᠬᠤᠶᠢᠯᠠᠯ ᠤᠨ ᠰᠠᠯᠬᠢᠨ ᠬᠦᠴᠦᠨ ᠤ ᠴᠠᠬᠢᠯᠭᠠᠨ ᠤ ᠰᠤᠪᠤᠷᠭ᠎ᠠ ︵ᠰᠤᠪᠤᠷᠭ᠎ᠠ ᠶᠢᠨ ᠵᠢᠶᠠᠰᠠ︶᠎ ᠶᠢ ᠠᠮᠵᠢᠯᠲᠠ ᠲᠠᠢ ᠪᠠᠷ ᠰᠣᠩᠭᠤᠪᠠ᠃ ᠲᠣᠰ ᠲᠣᠰ ᠪᠣᠭᠤᠳᠣ ᠶᠢᠨ ᠲᠢᠶᠠᠨ ᠱᠦᠨ ᠰᠠᠯᠬᠢᠨ ᠬᠦᠴᠦᠨ ᠤ ᠴᠠᠬᠢᠯᠭᠠᠨ ᠤ ᠲᠥᠬᠦᠭᠡᠷᠦᠮᠵᠢ ᠶᠢᠨ ᠬᠢᠵᠠᠭᠠᠷᠲᠤ ᠺᠣᠮᠫᠠᠨᠢ ᠶᠢᠨ 1.5MW-8MW ᠰᠠᠯᠬᠢᠨ ᠬᠦᠴᠦᠨ ᠤ ᠴᠠᠬᠢᠯᠭᠠᠨ ᠭᠠᠷᠭᠠᠬᠤ ᠰᠤᠪᠤᠷᠭ᠎ᠠ ᠶᠢᠨ ᠵᠢᠶᠠᠰᠠ᠂ ᠪᠤᠭᠤᠲᠤ ᠶᠢᠨ ᠲᠠᠢ ᠱᠧᠩ ᠰᠠᠯᠬᠢᠨ ᠡᠨᠧᠷᠭᠢ ᠶᠢᠨ ᠲᠣᠨᠣᠭᠯᠠᠯ ᠤᠨ ᠬᠢᠵᠠᠭᠠᠷᠲᠤ ᠺᠣᠮᠫᠠᠨᠢ ᠶᠢᠨ 3.3-6MW ᠰᠠᠯᠬᠢᠨ ᠬᠦᠴᠦᠨ ᠤ ᠴᠠᠬᠢᠯᠭᠠᠨ ᠭᠠᠷᠭᠠᠬᠤ ᠰᠤᠪᠤᠷᠭ᠎ᠠ ᠶᠢᠨ ᠵᠢᠶᠠᠰᠠ᠂ ᠥᠪᠥᠷ ᠮᠣᠩᠭᠤᠯ ᠤᠨ ᠶᠢᠨ ᠬᠠᠢ ᠰᠢᠨ᠎ᠡ ᠡᠨᠧᠷᠭᠢ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ 4-5MW-140m-200m ᠨᠠᠪᠴᠢᠨ ᠬᠦᠷᠳᠦᠨ ᠤ ᠳ᠋ᠢᠶᠠᠮᠧᠲᠷ ᠤᠨ ᠰᠠᠯᠬᠢᠨ ᠬᠦᠴᠦᠨ ᠤ ᠴᠠᠬᠢᠯᠭᠠᠨ ᠤ ᠮᠠᠰᠢᠨ ᠴᠣᠭᠴᠠᠯᠠᠪᠤᠷᠢ ᠶᠢᠨ ᠨᠢᠷᠤᠭᠤ ᠵᠢᠶᠠᠰᠠ ᠮᠠᠶ᠋ᠢᠭ ᠤᠨ ᠬᠡᠲᠦ ᠥᠨᠳᠥᠷ ᠰᠤᠪᠤᠷᠭ᠎ᠠ ᠶᠢᠨ ᠵᠢᠶᠠᠰᠠ ᠪᠣᠯᠣᠨ᠎ᠠ᠃
 
ᠢᠷᠡᠯᠲᠡ᠄ ᠳᠡᠭᠡᠳᠦ ᠰᠢᠨ᠎ᠡ ᠮᠡᠷᠭᠡᠵᠢᠯ ᠤᠨ ᠣᠷᠣᠨ ᠤ ᠫᠣᠷᠲ᠋ᠧᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号