ᠬᠤᠪᠣᠷ ᠰᠢᠷᠣᠢ ᠶᠢᠨ ᠳᠡᠭᠡᠳᠦ ᠰᠢᠨ᠎ᠡ ᠮᠡᠷᠭᠡᠵᠢᠯ ᠤᠨ ᠣᠷᠣᠨ ᠤ ᠠᠷᠠᠳ ᠤᠨ ᠪᠠᠶᠢᠴᠠᠭᠠᠬᠤ ᠬᠤᠷᠢᠶ᠎ᠠ ᠲᠤᠭ᠎ᠠ ᠪᠠᠷᠢᠮᠲᠠ ᠶᠢ ᠵᠠᠳᠠᠯᠵᠤ ᠰᠤᠳᠤᠯᠤᠨ ᠦᠨ᠎ᠡ ᠦᠷᠳᠡᠭ ᠲᠤ ᠮᠠᠭᠠᠳᠯᠠᠯ ᠬᠢᠨ ᠪᠠᠶᠢᠴᠠᠭᠠᠬᠤ ᠲᠤᠬᠠᠶᠢᠯᠠᠭᠰᠠᠨ ᠠᠵᠢᠯ ᠤᠨ ᠴᠢᠨᠠᠷ ᠰᠠᠶᠢᠲᠠᠢ ᠬᠥᠭᠵᠢᠯᠲᠡ ᠳᠤ ᠬᠦᠴᠦᠨ ᠨᠡᠮᠡᠷᠢᠯᠡᠨ᠎ᠡ
ᠨᠡᠶᠢᠲᠡᠯᠡᠭᠰᠡᠨ ᠴᠠᠭ᠄
2023/10/7
    ᠣᠶᠢᠷ᠎ᠠ ᠶᠢᠨ ᠵᠢᠯ ᠳᠤ᠂ ᠬᠤᠪᠣᠷ ᠰᠢᠷᠣᠢ ᠶᠢᠨ ᠳᠡᠭᠡᠳᠦ ᠰᠢᠨ᠎ᠡ ᠮᠡᠷᠭᠡᠵᠢᠯ ᠤᠨ ᠣᠷᠣᠨ ᠤ ᠪᠠᠶᠢᠴᠠᠭᠠᠬᠤ ᠬᠤᠷᠢᠶ᠎ᠠ ᠪᠠᠶᠢᠴᠠᠭᠠᠬᠤ ᠠᠵᠢᠯ ᠤᠨ ᠴᠢᠨᠠᠷ ᠰᠠᠶᠢᠲᠠᠢ ᠬᠥᠭᠵᠢᠯᠲᠡ ᠭᠡᠬᠦ ᠭᠤᠣᠯ ᠰᠡᠳᠦᠪ ᠤᠨ ᠲᠣᠭᠤᠷᠢᠨ ᠳᠤ᠂ ᠲᠣᠮᠣ ᠳ᠋ᠠᠶᠢᠲ᠋ᠠ ᠶᠢᠨ ᠴᠠᠭ ᠦᠶ᠎ᠡ ᠶᠢᠨ ᠤᠷᠤᠰᠬᠠᠯ ᠢ ᠢᠳᠡᠪᠬᠢᠲᠡᠢ ᠳᠠᠭᠠᠵᠤ᠂ ᠪᠠᠶᠢᠴᠠᠭᠠᠬᠤ ᠲᠤᠬᠠᠶᠢᠯᠠᠭᠰᠠᠨ ᠠᠵᠢᠯ ᠢ ᠵᠠᠳᠠᠯᠵᠤ ᠰᠤᠳᠤᠯᠤᠨ ᠮᠠᠭᠠᠳᠯᠠᠬᠤ ᠶᠢ ᠬᠡᠷᠡᠭ ᠢ ᠶᠡᠷᠦᠩᠬᠡᠶᠢᠯᠡᠨ ᠬᠠᠮᠢᠶᠠᠷᠬᠤ ᠠᠵᠢᠯ ᠤᠨ ᠶᠡᠷᠦᠩᠬᠡᠢ ᠭᠠᠷᠳᠠᠴᠠ ᠪᠣᠯᠭᠠᠵᠤ᠂ ᠪᠠᠶᠢᠴᠠᠭᠠᠬᠤ ᠲᠣᠮᠣ ᠳ᠋ᠠᠶᠢᠲ᠋ᠠ ᠳᠤ ᠢᠳᠡᠪᠬᠢᠲᠡᠢ ᠲᠦᠰᠢᠭᠯᠡᠨ᠂ ᠲᠤᠬᠠᠶᠢᠯᠠᠭᠰᠠᠨ ᠠᠵᠢᠯ ᠤᠨ ᠲᠤᠭ᠎ᠠ ᠪᠠᠷᠢᠮᠲᠠ ᠶᠢᠨ ᠡᠬᠢ ᠡᠭᠦᠰᠦᠯ ᠤᠨ ᠬᠢᠨᠠᠯᠲᠠ ᠬᠠᠮᠢᠶᠠᠷᠤᠯᠲᠠ ᠶᠢᠨ ᠳᠦᠷᠢᠮᠵᠢᠯᠲᠡ ᠶᠢ ᠲᠦᠯᠬᠢᠨ ᠠᠬᠢᠭᠤᠯᠵᠤ᠂ ᠲᠤᠬᠠᠶᠢᠯᠠᠭᠰᠠᠨ ᠠᠵᠢᠯ ᠤᠨ ᠲᠤᠭ᠎ᠠ ᠪᠠᠷᠢᠮᠲᠠ ᠶᠢ ᠵᠠᠳᠠᠯᠤᠨ ᠰᠤᠳᠤᠯᠵᠤ ᠮᠠᠭᠠᠳᠯᠠᠬᠤ ᠪᠠᠶᠢᠩᠭᠤ ᠶᠢᠨ ᠠᠵᠢᠯ ᠢ ᠦᠷᠨᠢᠭᠦᠯᠦᠨ ᠲᠤᠬᠠᠶᠢᠯᠠᠭᠰᠠᠨ ᠠᠵᠢᠯ ᠤᠨ ᠲᠤᠭ᠎ᠠ ᠪᠠᠷᠢᠮᠲᠠ ᠪᠠᠷ ᠪᠠᠶᠢᠴᠠᠭᠠᠬᠤ ᠠᠵᠢᠯ ᠢ ᠬᠥᠲᠥᠯᠥᠨ ᠳᠠᠭᠠᠭᠤᠯᠬᠤ ︽ᠰᠠᠯᠬᠢᠨ ᠤ ᠵᠦᠭᠯᠡᠭᠦᠷ︾ ︽ᠵᠢᠯᠤᠭᠤᠳᠬᠤ ᠳᠣᠬᠢᠭᠤᠷ︾᠎ ᠤᠨ ᠦᠢᠯᠡᠳᠦᠯ ᠢ ᠭᠦᠢᠴᠡᠳ ᠪᠠᠳᠠᠷᠠᠭᠤᠯᠵᠤ᠂ ᠤᠳᠤᠷᠢᠳᠤᠯᠭ᠎ᠠ ᠶᠢᠨ ᠰᠢᠢᠳᠪᠦᠷᠢᠲᠦ ᠪᠣᠳᠣᠯᠭ᠎ᠠ ᠲᠣᠭᠲᠠᠭᠠᠬᠤ ᠳᠤ ᠰᠢᠨᠵᠢᠯᠡᠬᠦ ᠤᠬᠠᠭᠠᠨᠴᠢ ᠪᠠᠷ ᠴᠢᠳᠠᠮᠠᠭᠠᠢ ᠦᠢᠯᠡᠴᠢᠯᠡᠨ ᠬᠠᠤᠯᠢ ᠪᠠᠷᠢᠵᠤ ᠬᠡᠷᠡᠭ ᠰᠢᠢᠳᠪᠦᠷᠢᠯᠡᠬᠦ ᠳᠤ ᠦᠢᠯᠡᠴᠢᠯᠡᠵᠦ᠂ ᠲᠤᠰ ᠬᠤᠷᠢᠶᠠᠨ ᠤ ᠪᠠᠶᠢᠴᠠᠭᠠᠬᠤ ᠲᠤᠬᠠᠶᠢᠯᠠᠭᠰᠠᠨ ᠠᠵᠢᠯ ᠤᠨ ᠭᠦᠨᠵᠡᠭᠡᠶᠢᠷᠡᠨ ᠬᠥᠭᠵᠢᠬᠦ ᠶᠢ ᠪᠦᠲᠦᠮᠵᠢᠲᠡᠶ ᠪᠠᠷ ᠲᠦᠯᠬᠢᠨ ᠠᠬᠢᠭᠤᠯᠪᠠ᠃    ᠪᠠᠶᠢᠴᠠᠭᠠᠬᠤ ᠲᠤᠬᠠᠶᠢᠯᠠᠭᠰᠠᠨ ᠠᠵᠢᠯ ᠤᠨ ᠲᠤᠭ᠎ᠠ ᠪᠠᠷᠢᠮᠲᠠ ᠶᠢᠨ ᠵᠠᠳᠠᠣᠯᠣᠯᠳᠠ ᠮᠠᠭᠠᠳᠯᠠᠯ   ᠨᠢᠭᠡ᠂ ᠲᠤᠭ᠎ᠠ ᠪᠠᠷᠢᠮᠲᠠ ᠶᠢ ᠮᠡᠳᠡᠭᠡᠯᠡᠬᠦ ᠲᠣᠭᠲᠠᠴᠠ ᠶᠢ ᠪᠠᠶᠢᠭᠤᠯᠵᠤ᠂ ᠲᠤᠭ᠎ᠠ ᠪᠠᠷᠢᠮᠲᠠ ᠶᠢᠨ ᠶᠠᠰᠤ ᠴᠢᠨᠠᠷ ᠢ ᠳᠡᠭᠡᠭᠰᠢᠯᠡᠭᠦᠯᠦᠨ᠎ᠡ᠃     ᠰᠠᠷ᠎ᠠ ᠶᠢᠨ ᠲᠤᠰᠬᠠᠢ ᠵᠦᠢᠯ ᠤᠨ ᠲᠤᠭ᠎ᠠ ᠪᠠᠷᠢᠮᠲᠠ ᠶᠢᠨ ᠶᠠᠰᠤ ᠴᠢᠨᠠᠷ ᠢ ᠮᠡᠳᠡᠭᠡᠯᠡᠬᠦ ᠠᠵᠢᠯ ᠤᠨ ᠲᠣᠭᠲᠠᠴᠠ ᠶᠢ ᠪᠠᠶᠢᠭᠤᠯᠪᠠ᠃ ᠡᠳᠦᠷ ᠲᠤᠲᠤᠮ ᠤᠨ ᠲᠤᠭ᠎ᠠ ᠪᠠᠷᠢᠮᠲᠠ ᠶᠢ ᠲᠠᠭᠯᠠᠨ ᠲᠡᠮᠳᠡᠭᠯᠡᠬᠦ ᠳᠤ ᠬᠡᠷᠡᠭ ᠤᠨ ᠺᠠᠷᠲ ᠢ ᠲᠠᠭᠯᠠᠬᠤ ᠶᠢ ᠤᠳᠠᠭᠠᠰᠢᠷᠠᠭᠤᠯᠤᠨ ᠲᠠᠭᠯᠠᠭᠰᠠᠨ᠂ ᠪᠤᠷᠤᠭᠤ ᠲᠠᠭᠯᠠᠭᠰᠠᠨ᠂ ᠣᠷᠬᠢᠭᠳᠠᠭᠤᠯᠤᠭᠰᠠᠨ ᠵᠡᠷᠭᠡ ᠠᠰᠠᠭᠤᠳᠠᠯ ᠢ ᠰᠢᠭᠰᠢᠨ ᠪᠠᠶᠢᠴᠠᠭᠠᠬᠤ ᠪᠠᠷ ᠳᠡᠮᠵᠢᠨ᠂ ᠰᠠᠷ᠎ᠠ ᠪᠦᠷᠢ ᠵᠠᠷᠯᠠᠨ ᠮᠡᠳᠡᠭᠳᠡᠬᠦ ᠬᠡᠯᠪᠡᠷᠢ ᠪᠠᠷ ᠢᠯᠡ ᠪᠣᠯᠭᠠᠵᠤ᠂ ᠳᠠᠭᠠᠭᠠᠨ ᠰᠢᠢᠳᠪᠦᠷᠢᠯᠡᠬᠦ ᠪᠠᠶᠢᠴᠠᠭᠠᠬᠤ ᠲᠤᠰᠢᠶᠠᠯᠲᠠᠨ ᠢ ᠭᠡᠳᠡᠷᠭᠦ ᠰᠢᠬᠠᠮᠳᠠᠭᠤᠯᠵᠤ ᠪᠠᠶᠢᠭᠠᠳ ᠬᠡᠷᠡᠭ ᠤᠨ ᠺᠠᠷᠲ ᠢ ᠵᠢᠷᠤᠮᠵᠢᠭᠤᠯᠤᠨ ᠲᠠᠭᠯᠠᠨ ᠲᠡᠮᠳᠡᠭᠯᠡᠬᠦ ᠶᠢ ᠴᠢᠬᠤᠯᠠᠴᠢᠯᠠᠭᠤᠯᠪᠠ᠃ ᠡᠨᠡ ᠵᠢᠯ ᠠᠴᠠ ᠨᠠᠰᠢ 97 ᠬᠡᠷᠡᠭ ᠤᠨ ᠺᠠᠷᠲ ᠪᠤᠷᠤᠭᠤ᠂ ᠲᠠᠭᠯᠠᠭᠰᠠᠨ ᠦᠭᠡᠢ 97 ᠭᠠᠵᠠᠷ  ᠎ ᠢ ᠰᠠᠨᠠᠭᠠᠴᠢᠯᠠᠭ᠎ᠠ  ᠎ ᠠᠴᠠ ᠪᠠᠨ ᠵᠠᠯᠠᠷᠠᠭᠤᠯᠪᠠ᠃   ᠬᠤᠶᠠᠷ᠂ ᠲᠤᠭ᠎ᠠ ᠪᠠᠷᠢᠮᠲᠠ ᠶᠢ ᠬᠠᠷᠭᠤᠭᠤᠯᠤᠨ ᠪᠠᠶᠢᠴᠠᠭᠠᠬᠤ ᠶᠢ ᠴᠢᠬᠤᠯᠠᠴᠢᠯᠠᠵᠤ ᠲᠤᠭ᠎ᠠ ᠪᠠᠷᠢᠮᠲᠠ ᠶᠢᠨ ᠦᠨᠡᠨ ᠪᠣᠳᠠᠲᠠᠢ ᠣᠨᠣᠪᠴᠢᠲᠠᠶ ᠪᠠᠶᠢᠬᠤ ᠶᠢ ᠦᠨᠡᠨᠬᠦ ᠪᠠᠳᠣᠯᠠᠪᠠ᠃    ᠡᠳᠦᠷ ᠲᠤᠲᠤᠮ ᠤᠨ ᠬᠠᠷᠭᠤᠭᠤᠯᠤᠨ ᠪᠠᠶᠢᠴᠠᠭᠠᠬᠤ ᠪᠠ ᠲᠤᠰᠬᠠᠢ ᠵᠦᠢᠯ ᠢᠶᠠᠷ ᠪᠠᠶᠢᠴᠠᠭᠠᠬᠤ ᠶᠢ ᠬᠠᠷᠢᠯᠴᠠᠨ ᠤᠶᠠᠯᠳᠤᠭᠤᠯᠬᠤ ᠶᠢ ᠪᠠᠷᠢᠮᠲᠠᠯᠠᠵᠤ᠂ ᠪᠠᠶᠢᠩᠭᠤᠵᠢᠭᠰᠠᠨ ᠲᠤᠭ᠎ᠠ ᠪᠠᠷᠢᠮᠲᠠ ᠶᠢᠨ ᠶᠠᠰᠤ ᠴᠢᠨᠠᠷ ᠲᠤ ᠬᠢᠨᠠᠯᠲᠠ ᠲᠠᠯᠪᠢᠬᠤ ᠪᠠ ᠮᠡᠳᠡᠭᠡᠯᠡᠬᠦ ᠳᠦᠷᠢᠮ ᠢ ᠨᠠᠶᠢᠳᠠᠪᠦᠷᠢᠵᠢᠭᠤᠯᠪᠠ᠃ ᠡᠳᠦᠷ ᠪᠦᠷᠢ ︽ᠲᠤᠭ᠎ᠠ ᠪᠠᠷᠢᠮᠲᠠ ᠶᠢ ᠪᠠᠶᠢᠴᠠᠭᠠᠨ ᠨᠡᠪᠲᠡᠷᠡᠭᠦᠯᠬᠦ ︾᠂ ᠬᠥᠮᠥᠨ ᠤ ᠬᠦᠴᠦ ᠪᠠᠷ ᠬᠢᠨᠠᠨ ᠬᠠᠷᠭᠤᠭᠤᠯᠬᠤ ᠵᠡᠷᠭᠡ ᠠᠷᠭ᠎ᠠ ᠮᠠᠶ᠋ᠢᠭ ᠢᠶᠠᠷ ᠳᠡᠮᠵᠢᠨ᠂ ᠭᠤᠣᠯᠳᠠᠯᠭ᠎ᠠ ᠲᠠᠢ ᠲᠥᠷᠥᠯ ᠵᠦᠢᠯ ᠢ ᠨᠢᠭᠡ ᠨᠢᠭᠡ ᠪᠠᠷ ᠵᠢᠭᠰᠠᠭᠠᠨ ᠪᠠᠶᠢᠴᠠᠭᠠᠵᠤ᠂ ᠰᠠᠷ᠎ᠠ ᠪᠦᠷᠢ ᠨᠢᠭᠡ ᠤᠳᠠᠭ᠎ᠠ ᠪᠦᠬᠦᠯᠢ ᠴᠣᠭᠴᠠ ᠪᠠᠷ ᠬᠠᠷᠭᠤᠭᠤᠯᠤᠨ ᠪᠠᠶᠢᠴᠠᠭᠠᠬᠤ ᠶᠢ ᠥᠷᠨᠢᠭᠦᠯᠵᠦ᠂ ᠬᠠᠷᠭᠤᠭᠤᠯᠤᠨ ᠪᠠᠶᠢᠴᠠᠭᠠᠬᠤ ᠶᠢ ᠨᠡᠶᠢᠳᠡᠮ ᠬᠡᠷᠡᠭᠵᠢᠭᠦᠯᠬᠦ ᠶᠢ ᠪᠡᠶᠡᠯᠡᠭᠦᠯᠦᠨ᠎ᠡ᠃ ᠬᠡᠪ ᠤᠨ ᠪᠤᠰᠤ᠂ ᠬᠠᠷᠢᠯᠴᠠᠨ ᠲᠦᠯᠬᠢᠯᠴᠡᠭᠰᠡᠨ ᠲᠤᠭ᠎ᠠ ᠪᠠᠷᠢᠮᠲᠠ ᠶᠢ ᠴᠠᠭ ᠲᠤᠬᠠᠢ ᠳᠤᠨᠢ ᠰᠠᠨᠠᠭᠤᠯᠵᠤ᠂ ᠤᠷᠢᠳᠴᠢᠯᠠᠨ ᠰᠡᠷᠡᠮᠵᠢᠯᠡᠭᠦᠯᠵᠦ᠂ ᠲᠠᠭᠯᠠᠨ ᠲᠡᠮᠳᠡᠭᠯᠡᠭᠰᠡᠨ ᠨᠢ ᠵᠢᠷᠤᠮᠵᠢᠯ ᠦᠭᠡᠢ ᠬᠡᠷᠡᠭ ᠤᠨ ᠺᠠᠷᠲ ᠤᠨ ᠮᠡᠳᠡᠭᠡ ᠵᠠᠩᠭᠢ ᠶᠢ ᠣᠯᠵᠤ ᠮᠡᠳᠡᠪᠡᠯ ᠴᠠᠭ ᠲᠤᠬᠠᠢ ᠳᠤᠨᠢ ᠵᠠᠰᠠᠵᠤ᠂ ᠲᠤᠭ᠎ᠠ ᠪᠠᠷᠢᠮᠲᠠ ᠶᠢ ᠭᠠᠳᠠᠭᠠᠳᠤ ᠳᠤ ᠭᠠᠷᠭᠠᠬᠤ ᠪᠣᠭᠤᠮᠲᠠ ᠶᠢ ᠴᠢᠩᠭ᠎ᠠ ᠡᠵᠡᠮᠳᠡᠪᠠ᠃    ᠭᠤᠷᠪᠠ᠂ ᠲᠤᠭ᠎ᠠ ᠪᠠᠷᠢᠮᠲᠠ ᠶᠢ ᠵᠠᠳᠠᠯᠵᠤ ᠰᠤᠳᠤᠯᠤᠨ ᠮᠠᠭᠠᠳᠯᠠᠬᠤ ᠪᠠᠷ ᠭᠠᠷᠳᠠᠴᠠ ᠪᠣᠯᠭᠠᠵᠤ ᠪᠠᠶᠢᠴᠠᠭᠠᠬᠤ ᠠᠵᠢᠯ ᠤᠨ ᠦᠷ᠎ᠡ ᠪᠦᠲᠦᠮᠵᠢ ᠶᠢ ᠳᠡᠭᠡᠭᠰᠢᠯᠡᠭᠦᠯᠪᠡ᠃    ᠰᠠᠷ᠎ᠠ ᠪᠦᠷᠢ᠂ ᠤᠯᠠᠷᠢᠯ ᠪᠦᠷᠢ ᠶᠢᠨ ᠲᠤᠬᠠᠶᠢᠯᠠᠭᠰᠠᠨ ᠠᠵᠢᠯ ᠤᠨ ᠲᠤᠭ᠎ᠠ ᠪᠠᠷᠢᠮᠲᠠ ᠶᠢ ᠵᠠᠳᠠᠯᠤᠨ ᠰᠤᠳᠤᠯᠵᠤ ᠮᠠᠭᠠᠳᠯᠠᠬᠤ ᠶᠢ ᠪᠠᠶᠢᠩᠭᠤᠵᠢᠭᠤᠯᠤᠨ ᠦᠷᠨᠢᠭᠦᠯᠪᠠ᠃ ᠬᠡᠷᠡᠭ ᠤᠨ ᠶᠠᠰᠤ ᠴᠢᠨᠠᠷ ᠤᠨ ᠭᠤᠣᠯ ᠦᠨᠡᠯᠡᠯᠲᠡ ᠶᠢᠨ ᠭᠦᠢᠴᠡᠳᠬᠡᠯ ᠲᠤᠭ᠎ᠠ ᠪᠠ ᠭᠤᠣᠯᠳᠠᠯᠭ᠎ᠠ ᠲᠠᠢ ᠠᠩᠬᠠᠷᠴᠤ ᠪᠠᠶᠢᠭ᠎ᠠ ᠠᠵᠢᠯ ᠤᠨ ᠪᠠᠶᠢᠳᠠᠯ ᠤᠨ ᠲᠣᠭᠤᠷᠢᠨ ᠳᠤ ᠵᠠᠳᠠᠯᠤᠨ ᠰᠤᠳᠤᠯᠵᠤ ᠮᠠᠭᠠᠳᠯᠠᠬᠤ ᠠᠵᠢᠯ ᠢ ᠥᠷᠨᠢᠭᠦᠯᠪᠡ᠃ ᠲᠤᠭ᠎ᠠ ᠪᠠᠷᠢᠮᠲᠠ ᠶᠢ ᠬᠥᠨᠳᠡᠯᠡᠨ ᠢᠶᠠᠷ᠂ ᠭᠤᠯᠳᠤ ᠴᠢᠭᠯᠡᠯ ᠢᠶᠠᠷ ᠬᠠᠷᠢᠴᠠᠭᠤᠯᠵᠤ᠂ ᠬᠡᠪ ᠤᠨ ᠪᠤᠰᠤ ᠲᠤᠭ᠎ᠠ ᠪᠠᠷᠢᠮᠲᠠ ᠳᠤ ᠭᠤᠣᠯᠳᠠᠯᠭ᠎ᠠ ᠲᠠᠢ ᠵᠠᠳᠠᠯᠤᠯᠲᠠ ᠬᠢᠨ ᠪᠦᠬᠦ᠋ᠢᠯᠡ ᠴᠣᠭᠴᠠ ᠶᠢᠨ ᠪᠠᠶᠢᠴᠠᠭᠠᠬᠤ ᠠᠵᠢᠯ ᠤᠨ ᠬᠥᠭᠵᠢᠯᠲᠡ ᠶᠢᠨ ᠪᠠᠶᠢᠳᠠᠯ ᠢ ᠪᠦᠬᠦ ᠲᠠᠯ᠎ᠠ ᠪᠠᠷ ᠲᠤᠰᠬᠠᠵᠤ᠂ ᠲᠤᠬᠠᠶᠢᠯᠠᠭᠰᠠᠨ ᠠᠵᠢᠯ ᠤᠨ ᠲᠤᠭ᠎ᠠ ᠪᠠᠷᠢᠮᠲᠠ ᠶᠢ ᠵᠠᠳᠠᠯᠵᠤ ᠰᠤᠳᠤᠯᠤᠨ ᠮᠠᠭᠠᠳᠯᠠᠬᠤ ᠶᠢᠨ ︽ᠦᠨ᠎ᠡ ᠴᠡᠨ᠎ᠡ︾᠎ ᠶᠢ ᠳᠡᠭᠡᠭᠰᠢᠯᠡᠭᠦᠯᠪᠡ᠃ ᠲᠣᠭᠲᠠᠮᠠᠯ ᠬᠤᠭᠤᠴᠠᠭ᠎ᠠ ᠲᠠᠢ ᠪᠠᠷ ᠲᠤᠬᠠᠶᠢᠯᠠᠭᠰᠠᠨ ᠠᠵᠢᠯ ᠤᠨ ᠲᠤᠭ᠎ᠠ ᠪᠠᠷᠢᠮᠲᠠ ᠶᠢ ᠵᠠᠳᠠᠯᠤᠨ ᠰᠤᠳᠤᠯᠵᠤ ᠮᠠᠭᠠᠳᠯᠠᠬᠤ ᠵᠥᠪᠳᠡᠯᠴᠡᠬᠦ ᠬᠤᠷᠠᠯ ᠬᠤᠷᠠᠯᠳᠤᠭᠤᠯᠵᠤ᠂ ᠡᠯ᠎ᠡ ᠲᠤᠬᠠᠶᠢᠯᠠᠭᠰᠠᠨ ᠠᠵᠢᠯ ᠤᠨ ᠰᠠᠯᠠᠭ᠎ᠠ ᠮᠥᠴᠢᠷ ᠤᠨ ᠲᠤᠬᠠᠶᠢᠯᠠᠭᠰᠠᠨ ᠠᠵᠢᠯ ᠤᠨ ᠭᠦᠢᠴᠡᠳᠬᠡᠯ ᠲᠤᠭ᠎ᠠ ᠶᠢᠨ ᠳᠤᠲᠠᠭᠤᠳᠠᠯ ᠪᠠᠭᠤᠷᠠᠢ ᠵᠦᠢᠯᠡᠰ ᠤᠨ ᠰᠢᠯᠲᠠᠭᠠᠨ ᠤ ᠲᠤᠬᠠᠢ ᠵᠠᠳᠠᠯᠤᠯᠲᠠ ᠶᠢ ᠰᠣᠨᠣᠰᠴᠤ᠂ ᠰᠢᠢᠳᠪᠦᠷᠢᠯᠡᠬᠦ ᠠᠷᠭ᠎ᠠ ᠪᠣᠳᠣᠯᠭ᠎ᠠ ᠶᠢ ᠰᠤᠳᠤᠯᠤᠨ ᠰᠢᠢᠳᠪᠦᠷᠢᠯᠡᠵᠦ᠂ ᠰᠢᠪᠲᠤᠯᠵᠤ ᠪᠣᠯᠬᠤ ᠪᠠ ᠳᠡᠭᠡᠭᠰᠢᠯᠡᠭᠦᠯᠵᠦ ᠪᠣᠯᠬᠤ ᠭᠦᠢᠴᠡᠳᠬᠡᠯ ᠲᠤᠭ᠎ᠠ ᠶᠢ ᠨᠢᠭᠲᠠ ᠠᠩᠬᠠᠷᠴᠤ᠂ ᠭᠤᠣᠯᠳᠠᠯᠭ᠎ᠠ ᠲᠠᠢ᠂ ᠬᠡᠪ ᠤᠨ ᠪᠤᠰᠤ᠂ ᠪᠠᠭᠤᠷᠠᠢ ᠵᠦᠢᠯᠡᠰ ᠤᠨ ᠲᠤᠭ᠎ᠠ ᠪᠠᠷᠢᠮᠲᠠ ᠳᠤ ᠠᠩᠬᠠᠷᠤᠯ ᠢᠶᠠᠨ ᠲᠥᠪᠯᠡᠷᠡᠭᠦᠯᠦᠨ ᠠᠰᠠᠭᠤᠳᠠᠯ ᠤᠨ ᠵᠠᠩᠭᠢᠯᠠᠭ᠎ᠠ ᠶᠢ ᠣᠨᠣᠪᠴᠢᠲᠠᠶ ᠡᠷᠢᠵᠦ᠂ ᠣᠷᠳᠣ ᠬᠤᠭᠤᠴᠠᠭᠠᠨ ᠤ ᠲᠥᠯᠦᠪᠵᠢᠭᠦᠯᠭᠡ ᠲᠣᠭᠲᠠᠭᠠᠵᠤ᠂ ᠲᠤᠭ᠎ᠠ ᠪᠠᠷᠢᠮᠲᠠ ᠶᠢᠨ ᠳᠡᠭᠡᠭᠰᠢᠯᠡᠯᠲᠡ ᠶᠢ ᠦᠨᠡᠨ ᠬᠦ ᠠᠬᠢᠭᠤᠯᠪᠠ᠃
 
ᠢᠷᠡᠯᠲᠡ᠄ ᠬᠤᠪᠣᠷ ᠰᠢᠷᠣᠶ ᠶᠢᠨ ᠳᠡᠭᠡᠳᠦ ᠰᠢᠨ᠎ᠡ ᠮᠡᠷᠭᠡᠵᠢᠯ ᠤᠨ ᠣᠷᠣᠨ ᠤ ᠤᠯᠤᠰ ᠲᠥᠷᠥ ᠬᠠᠤᠯᠢ ᠴᠠᠭᠠᠵᠠ ᠶᠢᠨ ᠸᠢᠴᠠᠲ ᠤᠨ ᠨᠡᠶᠢᠲᠡ ᠶᠢᠨ ᠳ᠋ᠤᠭᠠᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号