ᠤᠢᠢᠷ᠎ᠠ ᠳᠤ᠂ ᠴᠢᠩᠱᠠᠨ ᠲᠤᠭᠤᠷᠢᠭ ᠤᠨ ᠰᠢᠶᠠᠨ ᠹᠧᠩ ᠵᠡᠬᠡᠯᠢ ᠭᠤᠳᠤᠮᠵᠢ 30 ᠳ᠋ᠤᠭᠠᠷ ᠤᠳᠠᠭ᠎ᠠ ᠶᠢᠨ ᠪᠦᠬᠦ | ᠤᠯᠤᠰ ᠤᠨ ︽ᠤᠯᠤᠰ ᠢᠶᠠᠨ ᠬᠠᠶᠢᠷᠠᠯᠠᠬᠤ ᠡᠷᠡᠬᠦᠯ ᠬᠠᠮᠠᠭᠠᠯᠠᠯ ᠤᠨ ᠰᠠᠷ᠎ᠠ︾ ᠶᠢᠨ ᠠᠵᠢᠯᠯᠠᠭ᠎ᠠ ᠶᠢ ᠢᠳᠡᠪᠬᠢᠳᠡᠢ | ᠴᠤᠤᠷᠢᠶᠠᠳᠤᠵᠤ᠂ ᠵᠡᠬᠡᠯᠢ ᠭᠤᠳᠤᠮᠵᠢ ᠶᠢᠨ ᠠᠵᠢᠯᠳᠠᠳ᠂ ᠦᠪᠦᠷ ᠮᠤᠩᠭᠤᠯ ᠤᠨ ᠤᠮᠠᠷᠠᠳᠤ ᠶᠢᠨ ᠬᠦᠨᠳᠤ ᠠᠵᠤ | ᠦᠢᠯᠡᠳᠪᠦᠷᠢ ᠶᠢᠨ ᠪᠦᠯᠦᠭᠯᠡᠯᠳᠤ ᠬᠢᠵᠠᠭᠠᠷᠳᠤ ᠺᠤᠮᠫᠠᠨᠢ ᠶᠢᠨ ᠠᠳᠠᠯ ᠠᠬᠤᠢ ᠶᠢᠨ ᠠᠵᠢᠯᠳᠠᠳ ᠵᠢᠴᠢ ᠰᠠᠶᠢᠨ | ᠲᠤᠷᠠᠴᠤᠳ ᠢ ᠵᠤᠬᠢᠶᠠᠨ ᠪᠠᠶᠢᠭᠤᠯᠵᠤ᠂ ᠡᠷᠡᠬᠦᠯ ᠬᠠᠮᠠᠭᠠᠯᠠᠯ ᠤᠨ ᠬᠤᠳᠠ ᠶᠢ ᠡᠬᠦᠳᠦᠨ ᠪᠠᠶᠢᠭᠤᠯᠬᠤ ᠤᠬᠠᠭᠤᠯᠭ᠎ᠠ ᠪᠠ | ᠤᠷᠴᠢᠨ ᠲᠤᠭᠤᠷᠢᠨ ᠢ ᠴᠡᠭᠴᠡᠯᠡᠨ ᠴᠡᠪᠡᠷᠯᠡᠬᠦ ᠠᠵᠢᠯᠯᠠᠭ᠎ᠠ ᠶᠢ ᠲᠦᠪᠯᠡᠷᠡᠬᠦᠯᠦᠨ ᠦᠷᠨᠢᠬᠦᠯᠵᠡᠢ᠃ ᠤᠳᠤᠬᠠᠨ | ᠪᠤᠯᠳᠠᠯ᠎ᠠ᠂ ︽ᠦᠬᠡᠷ ᠢᠯᠢᠳᠤ︾ ᠵᠢᠵᠢᠭ ᠵᠡᠷ ᠮᠡᠳᠡᠭᠡ ᠶᠢ ᠨᠠᠶᠢᠳᠠ 1.5 ᠲᠦᠮᠡᠨ ᠬᠤᠪᠢ ᠴᠡᠪᠡᠷᠯᠡᠵᠤ᠂ ᠡᠵᠡᠨ | ᠦᠬᠡᠢ ᠪᠤᠯᠤᠬᠰᠠᠨ ᠪᠠᠷᠢᠯᠭ᠎ᠠ ᠶᠢᠨ ᠬᠠᠶᠠᠬᠳᠠᠮᠠᠯ᠂ ᠲᠤᠷ᠎ᠠ ᠪᠠᠷ ᠤᠪᠤᠭᠠᠯᠠᠵᠤ ᠲᠤᠷ᠎ᠠ ᠪᠠᠷ ᠬᠠᠶᠠᠬᠰᠠᠨ ᠬᠤᠭ ᠨᠣᠪᠰᠢ | ᠶᠢ 80 ᠭᠠᠷᠤᠢ ᠲᠡᠷᠬᠡ ᠴᠡᠪᠡᠷᠯᠡᠵᠤ᠂ 21 ᠬᠡᠰᠡᠭ ᠤᠬᠠᠭᠤᠯᠭ᠎ᠠ ᠶᠢᠨ ᠰᠠᠮᠪᠡᠷᠡ ᠶᠢ ᠨᠠᠭᠠᠵᠤ᠂ 12 ᠬᠤᠪᠢ | ᠤᠬᠠᠭᠤᠯᠭ᠎ᠠ ᠶᠢᠨ ᠤᠷᠢᠶ᠎ᠠ ᠯᠤᠽᠦ᠋ᠩ ᠡᠯᠬᠦᠵᠡᠢ᠃ ᠲᠠᠷᠠᠭᠠᠴᠢ ᠪᠠᠷ᠂ ᠰᠢᠶᠠᠨ ᠹᠧᠩ ᠵᠡᠬᠡᠯᠢ ᠭᠤᠳᠤᠮᠵᠢ ᠬᠠᠮᠢᠶ᠎ᠠ | ᠪᠦᠬᠦᠢ ᠰᠠᠯᠠᠭ᠎ᠠ ᠮᠦᠴᠢᠷ ᠯᠦᠭᠡ ᠬᠠᠮᠵᠢᠯᠴᠠᠵᠤ ᠬᠠᠷᠢᠶ᠎ᠠ ᠲᠤᠭᠤᠷᠢᠭ ᠤᠨ ᠤᠷᠴᠢᠨ ᠲᠤᠭᠤᠷᠢᠨ ᠤ ᠡᠷᠡᠬᠦᠯ | ᠬᠠᠮᠠᠭᠠᠯᠠᠯ ᠢ ᠴᠡᠭᠴᠡᠯᠡᠨ ᠵᠢᠷᠤᠮᠵᠢᠭᠤᠯᠬᠤ ᠶᠢ ᠯᠠᠪᠳᠠᠭᠤᠨ ᠢᠶᠠᠷ ᠠᠬᠢᠭᠤᠯᠵᠤ᠂ ᠦᠷᠬᠡᠨ ᠤᠯᠠᠨ ᠰᠠᠭᠤᠭᠠᠯᠢ | ᠠᠷᠠᠳ ᠲᠤ ᠡᠷᠡᠬᠦᠯ ᠬᠠᠮᠠᠭᠠᠯᠠᠯ ᠠᠷᠢᠭᠤᠨ ᠴᠡᠪᠡᠷ᠂ ᠤᠷᠤᠰᠢᠨ ᠰᠠᠭᠤᠬᠤ ᠳᠤ ᠲᠠᠭᠠᠯᠠᠮᠵᠢᠳᠠᠢ ᠠᠮᠢᠳᠦᠷᠠᠯ ᠤᠨ | ᠤᠷᠴᠢᠨ ᠢ ᠪᠤᠢ ᠪᠤᠯᠭᠠᠵᠤ ᠦᠭᠬᠦᠨ᠎ᠠ᠃ | |