ᠪᠤᠭᠤᠳᠤ ᠶᠢᠨ ᠮᠣᠩᠭᠤᠯ ᠲᠧᠯᠸᠢᠰ ᠤᠨ《 ᠨᠣᠮ ᠲᠠᠢ ᠮᠣᠩᠭᠤᠯ ᠰᠢᠯᠦᠭ ᠤᠨ ᠡᠳᠦᠷᠯᠢᠭ  ᠬᠦᠳᠡᠯᠭᠡᠭᠡᠨ ᠤᠷᠤᠭᠰᠢᠲᠠᠢ ᠶᠠᠪᠤᠭᠳᠠᠵᠤ᠂ ᠠᠮᠵᠢᠯᠲᠠ ᠲᠠᠢ ᠦᠨᠳᠦᠷᠯᠡᠯ᠎ᠡ
ᠨᠡᠶᠢᠲᠡᠯᠡᠭᠰᠡᠨ ᠴᠠᠭ᠄
2018/4/27
  ᠪᠤᠭᠤᠳᠤ ᠶᠢᠨ ᠮᠣᠩᠭᠤᠯ ᠲᠧᠯᠸᠢᠰ ᠨᠣᠮ ᠤᠩᠰᠢᠯᠭ᠎ᠠ ᠶᠢᠨ ᠬᠦᠳᠡᠯᠭᠡᠭᠡᠨ ᠢ ᠰᠠᠶᠢᠲᠤᠷ ᠲᠦᠯᠬᠢᠨ ᠠᠬᠢᠭᠤᠯᠵᠤ  ᠂《᠎ 4.23》᠎ ᠤ ᠲᠡᠯᠡᠬᠡᠢ ᠶᠢᠨ ᠨᠣᠮ ᠣᠩᠰᠢᠬᠤ ᠡᠳᠦᠷ ᠢ ᠲᠤᠷᠠᠰᠬᠠᠨ᠂ ᠪᠤᠭᠤᠳᠤ ᠶᠢᠨ ᠬᠡᠪᠴᠢᠶᠡᠨ ᠳᠠᠬᠢ  ᠢᠷᠠᠭᠤ ᠨᠠᠶᠢᠷᠠᠭᠴᠢᠳ᠂ ᠰᠤᠷᠤᠭᠴᠢᠳ᠂ ᠪᠠᠭᠠᠴᠤᠤᠯ᠂ ᠬᠡᠤᠬᠡᠳ ᠤᠨ ᠨᠣᠮ ᠤᠩᠰᠢᠬᠤ ᠤᠷᠮ᠎ᠠ ᠪᠠᠬ᠎ᠠ ᠶᠢ  ᠬᠦᠭᠵᠢᠭᠡᠬᠦ  ᠶᠢᠨ  ᠲᠦᠯᠦᠭᠡ 4 ᠰᠠᠷ᠎ᠠ ᠶᠢᠨ 22᠎ ᠤ ᠡᠳᠦᠷ ᠤᠨ ᠦᠳᠡ ᠶᠢᠨ ᠬᠤᠶᠢᠨ᠎ᠠ᠂ ᠪᠤᠭᠤᠳᠤ ᠶᠢᠨ ᠷᠠᠳᠢᠣ᠋  ᠲᠧᠯᠸᠢᠰ ᠬᠤᠷᠢᠶᠠᠨ ᠤ ᠨᠡᠪᠲᠡᠷᠡᠭᠦᠯᠭᠡ ᠶᠢᠨ ᠲᠢᠩᠬᠢᠮ ᠳᠤ《ᠨᠣᠮ ᠲᠠᠢ  ᠮᠣᠩᠭᠤᠯ ᠰᠢᠯᠦᠭ ᠤᠨ ᠡᠳᠦᠷᠯᠢᠭ  》ᠭᠤᠣᠯ ᠰᠡᠳᠦᠪᠳᠦ ᠬᠦᠳᠡᠯᠭᠡᠭᠡᠨ ᠢ ᠵᠣᠬᠢᠶᠠᠨ ᠪᠠᠶᠢᠭᠤᠯᠵᠤ ᠨᠣᠮ ᠣᠩᠰᠢᠵᠤ᠂ ᠨᠣᠮ ᠲᠠᠢ ᠬᠠᠨᠢᠯᠠᠬᠤ ᠶᠢ  ᠰᠤᠷᠲᠠᠯᠴᠢᠯᠠᠨ ᠤᠬᠠᠭᠤᠯᠬᠤ ᠦᠢᠯᠡ ᠠᠵᠢᠯᠯᠠᠭ᠎ᠠ ᠶᠢ ᠦᠷᠨᠢᠭᠦᠯᠵᠦ᠂ ᠠᠬᠤᠢ ᠲᠠᠯᠠᠪᠠᠢ ᠶᠢᠨ ᠰᠢᠩᠭᠡᠭᠡᠯᠲᠡ ᠬᠢᠭᠰᠡᠨ  ᠪᠠᠶᠢᠨ᠎ᠠ᠃      ᠰᠢᠯᠦᠭ ᠤᠨ ᠡᠳᠦᠷᠯᠢᠭ ᠲᠤ᠂ ᠪᠤᠭᠤᠳᠤ ᠶᠢᠨ ᠬᠡᠪᠴᠢᠶᠡᠨ ᠳᠠᠬᠢ ᠢᠷᠠᠭᠤ ᠨᠠᠶᠢᠷᠠᠭᠴᠢᠳ᠂ ᠰᠤᠷᠤᠭᠴᠢᠳ᠂  ᠪᠠᠭᠠᠴᠤᠳ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠮᠤᠩᠭᠤᠯ ᠰᠤᠷᠭᠠᠭᠤᠯᠢ ᠶᠢᠨ ᠪᠠᠭᠰᠢ ᠳ᠋ᠦᠩ  ᠰᠣᠶᠣᠯᠳᠤ ᠶᠢᠨ ᠲᠦᠯᠦᠭᠡᠯᠡᠭᠴᠢ ᠪᠦᠳᠦᠭᠡᠯ《 ᠬᠠᠨ ᠴᠠᠭᠠᠨ ᠦᠷᠭᠦᠭᠡ》᠂《 ᠮᠠᠯ ᠤᠨ ᠬᠡᠰᠢᠭ ᠲᠠᠢ ᠬᠦᠳᠡᠭᠡ》  ᠂《 ᠦᠪᠡᠷ ᠢ ᠪᠠᠨ ᠡᠪᠦᠷ ᠠᠴᠠ ᠪᠠᠨ ᠬᠡᠮᠨᠡᠨᠡᠮ》 ᠵᠡᠷᠭᠡ ᠠᠷᠪᠠ ᠭᠠᠷᠤᠢ ᠰᠢᠯᠦᠭ ᠢ ᠠᠮᠢᠯᠠᠭᠤᠯᠤᠨ ᠤᠶᠠᠩᠭᠠᠯᠠᠪᠠ  ᠃ ᠦᠷᠭᠡᠨ ᠣᠯᠠᠨ ᠪᠠᠭᠰᠢ᠂ ᠰᠤᠷᠤᠭᠴᠢᠳ᠂ ᠤᠶᠤᠲᠠᠳ᠂ ᠭᠡᠷ ᠤᠨ ᠠᠬᠠᠮᠠᠳ ᠪᠠ ᠢᠷᠠᠭᠤ ᠨᠠᠶᠢᠷᠠᠭ ᠲᠤ ᠪᠠᠭ᠋ᠠᠲᠠᠢ  ᠬᠦᠮᠦᠰ ᠮᠣᠩᠭᠤᠯ ᠢᠶᠠᠷ ᠢᠶᠠᠨ ᠭᠤᠶᠤᠯᠠᠨ ᠠᠬᠤᠢ ᠲᠠᠯᠠᠪᠠᠢ ᠳᠤ ᠬᠦᠷᠦᠯᠴᠡᠨ ᠢᠷᠡᠵᠤ᠂ ᠰᠢᠯᠦᠭᠴᠢ᠂ ᠢᠷᠠᠭᠤ  ᠨᠠᠶᠢᠷᠠᠭᠴᠢ ᠳᠤ ᠪᠠᠨ ᠤᠷᠮ᠎ᠠ  ᠬᠠᠶᠢᠷᠠᠯᠠᠨ᠂ ᠣᠶᠣᠨ ᠪᠢᠯᠢᠭ ᠤᠨ ᠭᠡᠭᠡ᠂ ᠰᠡᠳᠭᠢᠯ ᠤᠨ ᠡᠷᠴᠢ ᠲᠠᠮᠢᠷ ᠠᠪᠤᠨ  ᠳᠡᠯᠡᠬᠡᠢ ᠶᠢᠨ ᠨᠣᠮ ᠤᠩᠰᠢᠬᠤ ᠡᠳᠦᠷ ᠎ ᠢᠶᠠᠨ ᠤᠳᠬ᠎ᠠ ᠠᠭᠤᠯᠭ᠎ᠠ ᠲᠠᠢ ᠲᠡᠮᠳᠡᠭᠯᠡᠭᠰᠡᠨ ᠪᠠᠶᠢᠨ᠎ᠠ᠃
 
 
ᠢᠷᠡᠯᠲᠡ᠄ ᠪᠣᠭᠤᠳᠣ ᠶᠢᠨ ᠮᠣᠩᠭᠤᠯ ᠲᠧᠯᠸᠢᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号