ᠪᠣᠭᠤᠳᠣ ᠶᠢᠨ ᠬᠤᠪᠣᠷ ᠰᠢᠷᠣᠢ ᠶᠢᠨ ᠲᠡᠭᠡᠳᠣ ᠰᠢᠨ᠎ᠠ ᠮᠡᠷᠭᠡᠵᠢᠯ ᠤᠨ ᠠᠵᠣ ᠦᠢᠯᠡᠰ ᠤᠨ ᠨᠡᠭᠡᠭᠡᠯᠳᠡ ᠶᠢᠨ | ᠲᠣᠭᠤᠷᠢᠭ ᠨᠢ ᠦᠪᠡᠷᠳᠡᠭᠡᠨ ᠵᠠᠰᠬᠤ ᠣᠷᠣᠨ ᠤ ᠠᠩᠬᠠᠳᠠᠭᠴᠢ ᠮᠢᠩᠭᠠᠨ ᠳ᠋ᠦᠩᠰᠢᠭᠤᠷ ᠤᠨ ᠬᠦᠷᠦᠩᠭᠡ ᠶᠢ | ᠲᠠᠪᠠᠭᠰᠠᠨ ᠣᠷᠣᠨ ᠲᠣᠭᠤᠷᠢᠭ ᠪᠣᠯᠣᠨ᠎ᠠ᠃ ᠪᠣᠭᠤᠳᠣ ᠬᠤᠳᠠ ᠶᠢᠨ ᠡᠮᠣᠨ᠎ᠡ ᠪᠡᠶ᠎ᠡ ᠪᠠᠷ 150 ᠲᠡᠭᠰᠢ ᠲᠦᠷᠪᠡᠯᠵᠢᠨ | ᠺᠦᠸᠠᠳ᠋ ᠺᠢᠯᠦᠮᠧᠲ᠋ᠧᠷ ᠲᠠᠯᠠᠪᠠᠢ ᠶᠢ ᠡᠵᠡᠯᠡᠨ ᠪᠠᠶᠢᠷᠢᠰᠢᠵᠣ ᠵᠢᠶᠠᠨ ᠴᠧᠩ ᠲᠣᠭᠤᠷᠢᠭ᠂ ᠪᠢᠨ ᠡᠾᠧ ᠰᠢᠨ᠎ᠠ | ᠲᠣᠭᠤᠷᠢᠭ᠂ ᠬᠦᠰᠡᠯ ᠲᠣᠭᠤᠷᠢᠭ ᠭᠡᠭᠦ ᠭᠤᠷᠪᠠᠨ ᠲᠣᠭᠤᠷᠢᠭ ᠢᠶᠠᠷ ᠪᠦᠷᠢᠯᠳᠣᠵᠠᠢ᠃ ᠲᠡᠭᠦᠨ ᠤ ᠬᠠᠷᠢᠶᠠᠨ ᠳᠤ | ᠣᠯᠠᠨ ᠪᠣᠯᠠᠭ ᠪᠠᠯᠭᠠᠰᠣ᠂ ᠮᠢᠨ ᠰᠢᠨ ᠵᠠᠮ ᠪᠠ ᠬᠤᠪᠣᠷ ᠰᠢᠷᠣᠢ ᠵᠠᠮ ᠤᠨ ᠵᠡᠭᠡᠯᠢ ᠭᠤᠳᠣᠮᠵᠢ ᠶᠢᠨ ᠬᠡᠷᠡᠭ ᠡᠷᠬᠢᠯᠡᠭᠦ | ᠭᠠᠵᠠᠷ ᠬᠤᠶᠠᠷ ᠪᠣᠢ᠂ ᠨᠡᠶᠢᠳᠡ 15 ᠲᠦᠮᠡᠨ ᠬᠦᠮᠦᠨ ᠪᠣᠢ᠂ ᠲᠡᠷᠨ ᠨᠢ ᠣᠯᠣᠰ ᠤᠨ ᠲᠡᠰ ᠤᠨ ᠰᠢᠨ᠎ᠠ ᠨᠡᠭᠡᠭᠡᠯᠳᠡ | ᠶᠢᠨ ᠲᠣᠭᠤᠷᠢᠭ ᠤᠳ ᠲᠣᠳᠣᠷ᠎ᠠ ᠴᠣᠷ ᠤᠨ ᠭᠠᠭᠴᠨ ᠬᠤᠪᠣᠷ ᠰᠢᠷᠣᠢ ᠶᠢᠨ ᠡᠬᠢ ᠪᠠᠶᠠᠯᠢᠭ ᠢᠶᠠᠷ ᠨᠡᠷᠡᠶᠢᠳᠦᠭᠳᠡᠭᠰᠡᠨ | ᠰᠢᠨ᠎ᠠ ᠨᠠᠭᠡᠭᠡᠯᠳᠡ ᠶᠢᠨ ᠲᠣᠭᠤᠷᠢᠭ ᠪᠣᠯᠣᠨ᠎ᠠ᠃ ᠣᠳᠣᠬᠠᠨ ᠳᠤ ᠲᠠᠩᠰᠠᠯᠠᠭᠤᠯᠣᠭᠰᠠᠨ ᠠᠵᠣ ᠠᠬᠤᠢ 7000 | ᠭᠠᠷᠣᠢ ᠪᠠᠶᠢᠬᠤ ᠠᠴᠠ ᠲᠡᠭᠡᠳᠣ ᠰᠢᠨ᠎ᠠ ᠮᠡᠷᠭᠡᠵᠢᠯ ᠤᠨ ᠠᠵᠣ ᠠᠬᠤᠢ 49 ᠡᠷᠦᠭᠡ ᠨᠢ ᠪᠣᠭᠤᠳᠣ ᠬᠤᠳᠠ ᠶᠢᠨ | 59%᠂ ᠵᠠᠬ᠎ᠠ ᠳᠤ ᠭᠠᠷᠣᠭᠰᠠᠨ ᠵᠢᠴᠢ ᠫᠠᠶᠢᠰᠨ ᠡᠯᠭᠦᠭᠰᠡᠨ ᠺᠣᠮᠫᠠᠨᠢ 14 ᠡᠷᠦᠭᠡ ᠨᠢ ᠪᠣᠭᠤᠳᠣ ᠬᠤᠳᠠ ᠶᠢᠨ | 62%᠂ ᠠᠵᠣ ᠠᠬᠤᠢ ᠶᠢ ᠰᠣᠳᠣᠯᠣᠨ ᠨᠡᠭᠡᠭᠡᠭᠦ ᠲᠦᠪ 50 ᠡᠷᠦᠭᠡ ᠨᠢ ᠪᠣᠭᠤᠳᠣ ᠬᠤᠳᠠ ᠶᠢᠨ 35% ᠶᠢ | ᠲᠣᠰ ᠲᠣᠰ ᠡᠵᠡᠯᠡᠵᠣ ᠪᠣᠢ᠃ ᠣᠳᠣ ᠪᠣᠯᠬᠤ ᠳᠤ ᠨᠢᠭᠡᠨᠳᠡ ᠬᠤᠪᠣᠷ ᠰᠢᠷᠣᠢ᠂ ᠦᠩᠭᠡᠳᠣ ᠲᠡᠮᠦᠷᠯᠢᠭ᠂ | ᠲᠦᠭᠦᠭᠡᠷᠦᠮᠵᠢ ᠦᠢᠯᠡᠳᠪᠦᠷᠢᠯᠡᠭᠦ᠂ ᠣᠳᠣᠬᠢᠴᠢᠯᠠᠭᠰᠠᠨ ᠦᠢᠯᠡᠴᠢᠯᠡᠭᠡᠨ ᠬᠢᠭᠡᠳ ᠰᠢᠨ᠎ᠠ ᠪᠠᠷ ᠮᠠᠨᠳᠣᠭᠰᠠᠨ ᠠᠵᠣ | ᠦᠢᠯᠡᠰ ᠭᠡᠭᠦ ᠭᠤᠣᠯ ᠲᠠᠪᠣᠨ ᠲᠣᠯᠭᠠᠭᠤᠷ ᠠᠵᠣ ᠦᠢᠯᠡᠰ ᠲᠠᠢ ᠪᠣᠯᠵᠠᠢ᠃ ᠣᠯᠣᠰ ᠤᠨ ᠬᠠᠮᠢᠶ᠎ᠠ ᠪᠦᠭᠦᠢ ᠶᠠᠮᠣᠨ | ᠬᠤᠷᠢᠶᠠᠨ ᠠᠴᠠ ᠲᠣᠭᠤᠷᠢᠭ ᠢ ᠣᠷᠢᠳ ᠬᠤᠵᠢᠳ 21 ᠣᠯᠣᠰ ᠤᠨ ᠲᠡᠰ ᠤᠨ ᠰᠠᠭᠤᠷᠢᠨ ︵ᠲᠦᠪ︶᠂ ᠣᠯᠣᠰ | ᠤᠨ ᠮᠡᠳᠡᠯᠭᠡ ᠶᠢᠨ ᠦᠮᠴᠢᠯᠡᠭᠦ ᠡᠷᠭᠡ ᠶᠢᠨ ᠵᠢᠱᠢᠶᠡᠴᠢ ᠣᠷᠣᠨ᠂ ᠣᠯᠣᠰ ᠤᠨ ᠪᠦᠳᠦᠭᠡᠳᠡᠭᠦᠨ ᠤ ᠬᠤᠳᠠ ᠶᠢᠨ | ᠵᠢᠱᠢᠶᠡᠴᠢ ᠣᠷᠣᠨ ᠬᠢᠭᠡᠳ ᠣᠯᠣᠰ ᠤᠨ ᠲᠡᠰ ᠤᠨ ᠬᠤᠣᠰ ᠢ ᠡᠭᠦᠳᠦᠭᠰᠡᠨ ᠵᠢᠱᠢᠶᠡᠴᠢ ᠰᠠᠭᠤᠷᠢᠨ ᠵᠡᠷᠭᠡ ᠮᠣᠨᠳᠠᠭ | ᠠᠯᠳᠠᠷ ᠢ ᠬᠦᠷᠳᠡᠭᠡᠵᠠᠢ᠃ | ᠬᠦᠭᠵᠢᠯᠳᠠ᠂ ᠠᠮᠢ ᠠᠬᠤᠢ ᠬᠢᠭᠡᠳ ᠠᠷᠠᠳ ᠤᠨ ᠠᠮᠢᠳᠣᠷᠠᠯᠭᠠ ᠭᠡᠭᠦ ᠬᠠᠮᠤᠭ ᠤᠨ ᠦᠨᠳᠦᠰᠣᠨ ᠪᠠᠷᠢᠮᠳᠠᠯᠠᠯ ᠢ | ᠨᠡᠶᠢᠳᠡᠮ ᠴᠢᠩᠭ᠎ᠠ ᠪᠠᠷᠢᠮᠳᠠᠯᠠᠵᠣ ︽ᠡᠭᠦᠳᠦᠯᠳᠡ ᠶᠢᠨ ᠬᠦᠳᠡᠯᠭᠡᠭᠦᠷ᠂ ᠦᠭᠡᠷᠡᠴᠢᠯᠡᠯᠳᠡ ᠶᠢᠨ ᠠᠬᠢᠭᠤᠯᠣᠯ᠂ | ᠨᠡᠭᠡᠭᠡᠯᠳᠡ ᠶᠢᠨ ᠬᠠᠮᠵᠢᠭᠤᠷ᠂ ᠲᠦᠷᠦᠯᠳᠣ ᠵᠦᠢᠯ ᠤᠨ ᠲᠠᠶᠢᠴᠢᠯᠠᠯ︾ ᠪᠠᠶᠢᠯᠳᠣᠬᠤ ᠪᠣᠳᠣᠯᠭ᠎ᠠ ᠶᠢ | ᠬᠦᠨᠵᠡᠭᠡᠶᠢᠷᠡᠭᠦᠯᠦᠨ᠂ ᠠᠵᠣ ᠠᠬᠤᠢ ᠶᠢᠨ ᠭᠦᠭᠵᠢᠯᠳᠡ ᠶᠢᠨ ᠴᠢᠨᠠᠷ ᠪᠠ ᠦᠷᠳᠡᠭ ᠢ ᠲᠡᠭᠡᠰᠢᠯᠡᠭᠦᠯᠦᠭᠰᠡᠨ ᠠᠴᠠ | ᠨᠢᠭᠡᠨᠳᠡ ᠬᠤᠪᠣᠷ ᠰᠢᠷᠣᠢ ᠶᠢᠨ ᠰᠢᠨ᠎ᠠ ᠮᠠᠲ᠋ᠧᠷᠢᠶᠠᠯ ᠤᠨ ᠤᠨ ᠠᠵᠣ ᠦᠢᠯᠡᠰ ᠤᠨ ᠰᠠᠭᠤᠷᠢᠨ᠂ ᠲᠡᠭᠡᠳᠣ ᠰᠢᠨ᠎ᠠ | ᠮᠡᠷᠭᠡᠵᠢᠯ ᠤᠨ ᠠᠵᠣ ᠦᠢᠯᠡᠰ ᠤᠨ ᠰᠠᠭᠤᠷᠢᠨ᠂ ᠰᠢᠨ᠎ᠠ ᠶᠢ ᠡᠭᠦᠳᠴᠣ ᠦᠢᠯᠡᠰ ᠪᠣᠰᠬᠠᠭᠰᠠᠨ ᠵᠢᠱᠢᠶᠡᠴᠢ ᠰᠠᠭᠤᠷᠢᠨ᠂ | ᠵᠣᠣ ᠵᠢᠶᠦ᠋ᠨ ᠨᠠᠭᠤᠷ ︵ᠪᠠᠭ᠎ᠠ ᠴᠠᠭᠠᠨᠮᠦ᠋ᠷᠡᠨ︶ ᠤᠨ ᠰᠣᠶᠣᠯ ᠵᠢᠭᠤᠯᠴᠢᠯᠠᠯ ᠤᠨ ᠠᠵᠣ ᠦᠢᠯᠡᠰ ᠤᠨ ᠣᠷᠣᠨ᠂ | ᠪᠣᠭᠤᠳᠣ ᠶᠢᠨ ᠠᠭᠠᠷ ᠤᠨ ᠭᠠᠷᠠᠮ ᠤᠨ ᠭᠠᠶᠢᠯᠢ ᠶᠢ ᠪᠠᠳᠣᠯᠠᠬᠤ ᠣᠷᠣᠨ ᠬᠢᠭᠡᠳ ᠪᠡᠬᠡᠵᠢᠩ ᠤᠨ ᠪᠠᠭᠰᠢ ᠶᠢᠨ ᠶᠡᠭᠡ | ᠰᠣᠷᠠᠭᠠᠭᠤᠯᠢ ᠶᠢᠨ ᠰᠣᠷᠭᠠᠨ ᠬᠦᠮᠦᠵᠢᠯ ᠤᠨ ᠲᠣᠭᠤᠷᠢᠭ ᠬᠡᠮᠡᠭᠦ ᠵᠢᠷᠭᠤᠭᠠᠨ ᠶᠡᠭᠡ ᠬᠡᠰᠡᠭ ᠬᠦᠭᠵᠢᠯᠳᠠ ᠶᠢᠨ ᠣᠷᠣᠨ | ᠵᠠᠢ ᠶᠢ ᠪᠣᠢ ᠪᠣᠯᠭᠠᠪᠠ᠂ ᠡᠨ᠋ᠨ ᠨᠢ ︽ᠲᠣᠯᠣᠭᠠᠨ ᠬᠤᠯᠪᠣᠭ᠎ᠠ︾ ᠶᠢ ᠬᠠᠮᠳᠣ ᠪᠠᠷ ᠪᠠᠶᠢᠭᠤᠯᠬᠤ᠂ ︽ᠲᠣᠯᠣᠭᠠᠨ | ᠦᠢᠯᠡᠰ︾ ᠢ ᠬᠠᠮᠳᠣ ᠪᠠᠷ ᠭᠦᠭᠵᠢᠭᠦᠯᠭᠦ ᠶᠢ ᠬᠦᠴᠦᠳᠡᠢ ᠠᠬᠢᠭᠤᠯᠪᠠ᠃ |